ᠢᠮᠠᠭᠠᠨ ᠵᠡᠭᠡᠷᠭᠡᠨ᠎ᠡЯмаан зээргэнэ ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠮᠠᠭᠠᠨ ᠵᠡᠭᠡᠷᠭᠡᠨ᠎ᠡЯмаан зээргэнэ

ᠢᠮᠠᠭᠠᠨ ᠵᠡᠭᠡᠷᠭᠡᠨ᠎ᠡЯмаан зээргэнэ

2024-04-08

442

ᠢᠮᠠᠭᠠᠨ ᠵᠡᠭᠡᠷᠭᠡᠨ᠎ᠡ

                  ᠵᠡᠭᠡᠷᠭᠡᠨ᠎ᠡ ᠶ᠋ᠢᠨ ᠢᠵᠠᠭᠤᠷ
      ᠡᠪᠡᠰᠦ ᠰᠢᠭ ᠵᠢᠵᠢᠭ ᠪᠤᠲᠠ ᠮᠣᠳᠣ᠂ 5—10cm ᠥᠨᠳᠥᠷ᠃ ᠦᠨᠳᠦᠰᠦᠯᠢᠭ ᠡᠰᠢ ᠨᠢ ᠮᠣᠳᠣᠯᠢᠭ᠂ ᠭᠦᠨ ᠬᠦᠷᠡᠩ᠃ ᠰᠠᠯᠠᠭ᠎ᠠ ᠮᠥᠴᠢᠷ ᠨᠢ ᠤᠭ ᠤ᠋ᠨ ᠬᠡᠰᠡᠭ ᠡᠴᠡ ᠣᠯᠠᠨ ᠭᠠᠷᠴᠤ ᠪᠠᠬᠠᠨ ᠲᠠᠰᠢᠭᠤᠯᠠᠵᠤ ᠪᠤᠲᠠᠯᠠᠨ ᠤᠷᠭᠤᠨ᠎ᠠ᠂ ᠳᠠᠬᠢᠨ ᠳᠡᠮᠡᠢ ᠰᠠᠯᠠᠭ᠎ᠠ ᠭᠠᠷᠬᠤ ᠦᠭᠡᠢ᠂ ᠨᠡᠯᠢᠶᠡᠳ ᠨᠠᠷᠢᠨ ᠮᠥᠷᠲᠡᠭᠡᠨ ᠣᠬᠣᠷ ᠪᠠᠢᠳᠠᠭ᠃ ᠮᠥᠴᠢᠷ ᠦ᠋ᠨ ᠳ᠋ᠢᠶᠠᠮᠧᠲ᠋ᠷ ᠨᠢ 1 mm ᠣᠷᠴᠢᠮ᠂ ᠢᠯᠡ ᠪᠤᠰᠤ ᠭᠤᠯᠳᠤ ᠠᠷᠲᠠᠢ᠂ ᠦᠶ᠎ᠡ ᠶ᠋ᠢᠨ ᠬᠣᠭᠣᠷᠣᠨᠳᠣᠬᠢ ᠵᠠᠢ ᠨᠢ 0.8—3mm  ᠤᠷᠲᠤ᠃ ᠨᠠᠪᠴᠢ ᠨᠢ ᠴᠢᠭᠲᠠᠯᠠᠨ ᠤᠷᠭᠤᠨ᠎ᠠ᠂ ᠲᠣᠷᠭᠠᠨ ᠬᠠᠯᠢᠰᠤᠯᠢᠭ᠂ ᠳᠣᠣᠷᠠᠲᠤ ᠬᠠᠭᠠᠰ ᠠ᠋ᠴᠠ ᠢᠯᠡᠭᠦᠦ ᠬᠡᠰᠡᠭ ᠨᠢ ᠬᠠᠷᠢᠯᠴᠠᠨ ᠨᠡᠢᠯᠡᠵᠦ ᠲᠣᠭᠳᠣᠢ ᠰᠢᠭ᠋ ᠪᠣᠯᠵᠤ ᠡᠰᠢ ᠪᠡᠨ ᠪᠠᠭᠯᠠᠵᠤ ᠪᠣᠢ᠂ ᠳᠡᠭᠡᠳᠦ ᠰᠠᠯᠤᠩᠭᠢ ᠬᠡᠰᠡᠭ ᠨᠢ ᠬᠤᠷᠴᠠ ᠭᠤᠷᠪᠠᠯᠵᠢᠨ ᠦᠵᠦᠭᠦᠷ ᠲᠡᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ᠃ ᠡᠷ᠎ᠡ ᠪᠠᠭ ᠴᠡᠴᠡᠭ ᠨᠢ ᠨᠠᠪᠴᠢᠨ ᠤ᠋ ᠥᠪᠥᠷ ᠲᠦ᠍ ᠬᠡᠳᠦ ᠬᠡᠳᠦ ᠪᠡᠷ ᠪᠠᠭᠯᠠᠷᠠᠨ ᠤᠷᠭᠤᠨ᠎ᠠ᠂ 3—4 ᠬᠣᠣᠰ ᠨᠣᠭᠣᠭᠠᠨ ᠪᠠᠭᠯᠠᠭᠴᠢ ᠲᠠᠢ᠃ ᠳᠣᠣᠷ᠎ᠠ ᠠ᠋ᠴᠠ ᠪᠣᠳᠣᠪᠠᠯ ᠨᠢᠭᠡᠳᠦᠭᠡᠷ ᠬᠣᠣᠰ ᠪᠠᠭᠯᠠᠭᠴᠢ ᠨᠢ ᠬᠣᠶᠠᠳᠤᠭᠠᠷ ᠠ᠋ᠴᠠ ᠪᠠᠨ 1—2.5mm  ᠵᠠᠢᠲᠠᠢ᠂ ᠨᠢᠭᠡᠳᠦᠭᠡᠷ ᠪᠣᠯᠤᠨ ᠬᠣᠶᠠᠳᠤᠭᠠᠷ ᠬᠣᠣᠰ ᠪᠠᠭᠯᠠᠭᠴᠢ ᠨᠢ ᠪᠦᠷ ᠲᠣᠷᠭᠠᠨ ᠬᠠᠯᠢᠰᠤᠯᠢᠭ᠂ ᠳᠣᠣᠷᠠᠲᠤ ᠬᠠᠭᠠᠰ ᠬᠡᠰᠡᠭ ᠨᠢ ᠬᠠᠷᠢᠯᠴᠠᠨ ᠨᠡᠢᠯᠡᠵᠦ ᠲᠣᠭᠳᠣᠢ ᠰᠢᠭ᠋ ᠪᠣᠯᠵᠠᠢ᠃ ᠬᠠᠮᠤᠭ ᠤ᠋ᠨ ᠳᠡᠭᠡᠷᠡᠬᠢ ᠨᠢᠭᠡ ᠬᠣᠣᠰ ᠪᠠᠭᠯᠠᠭᠴᠢ ᠨᠢ ᠨᠢᠭᠡ ᠯᠡ ᠡᠷ᠎ᠡ ᠴᠡᠴᠡᠭ ᠲᠡᠢ᠂ ᠳᠣᠣᠷᠠᠲᠤ ᠬᠠᠭᠠᠰ ᠠ᠋ᠴᠠ ᠢᠯᠡᠭᠦᠦ ᠬᠡᠰᠡᠭ ᠨᠢ ᠬᠠᠷᠢᠯᠴᠠᠨ ᠨᠡᠢᠯᠡᠵᠡᠢ᠃ ᠡᠮ᠎ᠡ ᠪᠠᠭ ᠴᠡᠴᠡᠭ ᠨᠢ 1—3  ᠪᠠᠷ ᠪᠠᠭᠯᠠᠷᠠᠨ ᠤᠷᠭᠤᠨ᠎ᠠ᠂ ᠪᠣᠯᠪᠠᠰᠤᠷᠠᠪᠠᠯ ᠬᠠᠮᠤᠭ ᠤ᠋ᠨ ᠳᠡᠭᠡᠷᠡᠬᠢ ᠨᠢᠭᠡ ᠬᠣᠣᠰ ᠪᠠᠭᠯᠠᠭᠴᠢ ᠨᠢ ᠮᠢᠬᠠᠯᠢᠭ ᠪᠣᠯᠬᠤ ᠮᠥᠷᠲᠡᠭᠡᠨ ᠤᠯᠠᠢᠨ᠎ᠠ᠂ ᠨᠢᠭᠡ ᠯᠡ ᠦᠷ᠎ᠡ ᠲᠡᠢ᠃ ᠦᠷ᠎ᠡ ᠨᠠᠬᠢᠶ᠎ᠠ ᠶ᠋ᠢᠨ ᠪᠦᠷᠬᠦᠭᠦᠯ ᠦ᠋ᠨ ᠬᠣᠭᠣᠯᠠᠢ ᠨᠢ ᠦᠵᠦᠭᠦᠷ ᠲᠡᠭᠡᠨ ᠮᠤᠷᠤᠢ᠃ ᠦᠷ᠎ᠡ ᠨᠢ ᠤᠷᠲᠤ ᠥᠨᠳᠡᠭᠡᠯᠵᠢᠨ᠂ 5mm  ᠤᠷᠲᠤ᠂ ᠬᠦᠷᠡᠩ᠂ ᠭᠢᠯᠦᠭᠡᠷ᠃
      ᠬᠠᠢᠷ ᠴᠢᠯᠠᠭᠤᠲᠤ ᠭᠠᠵᠠᠷ᠂ ᠠᠭᠤᠯᠠ ᠶ᠋ᠢᠨ ᠬᠠᠵᠠᠭᠤ᠂ ᠡᠯᠡᠰᠦᠷᠬᠡᠭ ᠭᠠᠵᠠᠷ᠂ ᠬᠡᠭᠡᠷ᠎ᠡ ᠲᠠᠯ᠎ᠠ ᠳ᠋ᠤ᠌ ᠤᠷᠭᠤᠨ᠎ᠠ᠃
       ᠮᠠᠨ ᠤ᠋ ᠤᠯᠤᠰ ᠤ᠋ᠨ ᠥᠪᠥᠷ ᠮᠣᠩᠭᠣᠯ᠂ ᠬᠥᠬᠡᠨᠠᠭᠤᠷ ᠵᠡᠷᠭᠡ ᠮᠣᠵᠢ ᠣᠷᠣᠨ ᠳ᠋ᠤ᠌ ᠤᠷᠭᠤᠳᠠᠭ᠃ ᠦᠨᠳᠦᠰᠦ ᠡᠴᠡ ᠪᠤᠰᠤᠳ ᠬᠡᠰᠡᠭ ᠨᠢ ᠪᠦᠷ ᠡᠮ ᠳ᠋ᠦ᠍ ᠣᠷᠣᠨ᠎ᠠ᠃
ᠬᠢᠲᠠᠳ ᠨᠡᠷ᠎ᠡ᠄单子麻黄
ᠠᠩᠭ᠌ᠯᠢ ᠨᠡᠷ᠎ᠡ᠄ Ephedra monosperma Gmel. ex C.A.Mey.
        
                ᠦᠰᠦᠭ ᠠᠮᠢᠯᠠᠭᠤᠯᠤᠭᠴᠢ᠄ ᠳ ·ᠡᠷᠬᠢᠮᠪᠠᠭᠠᠲᠤᠷ
                 ᠬᠢᠨᠠᠭᠴᠢ᠄ ᠫᠣ· ᠴᠠᠭᠠᠨ ᠲᠤᠶᠠᠭ᠎ᠠ