ᠬᠠᠶ᠋ᠢᠷ᠎ᠠ ᠶ᠋ᠢᠨ ᠳᠠᠭᠤᠤ – ᠴᠣ ᠂ ᠣᠷᠱᠤᠨ Хайрын дуу – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠶ᠋ᠢᠷ᠎ᠠ ᠶ᠋ᠢᠨ ᠳᠠᠭᠤᠤ – ᠴᠣ ᠂ ᠣᠷᠱᠤᠨ Хайрын дуу – Чо ᠂ Оршин

ᠬᠠᠶ᠋ᠢᠷ᠎ᠠ ᠶ᠋ᠢᠨ ᠳᠠᠭᠤᠤ – ᠴᠣ ᠂ ᠣᠷᠱᠤᠨ Хайрын дуу – Чо ᠂ Оршин

2024-04-07

354

ᠬᠠᠢᠷ᠎ᠠ ᠶᠢᠨ ᠳᠠᠭᠤᠤ


       ᠪᠤᠯᠠᠭ ᠪᠣᠯ ᠰᠡᠳᠬᠢᠯ 
       ᠰᠡᠳᠬᠢᠯ ᠪᠣᠯ ᠨᠠᠢᠷᠠᠭ 
 ᠡᠬᠡ ᠳᠡᠯᠡᠬᠡᠢ ᠶ᠋ᠢᠨ ᠢᠯᠴᠢᠨ ᠳ᠋ᠦ᠍ 
 ᠡᠩᠬᠦᠷᠡᠢ ᠨᠤᠲᠤᠭ ᠮᠢᠨᠢ ᠮᠥᠩᠬᠡᠵᠢᠨ᠎ᠡ 
 ᠡᠨᠡᠷᠢᠯ ᠢ᠋ᠶ᠋ᠡᠷ ᠳᠠᠯᠠᠯᠤᠭᠰᠠᠨ ᠳᠤᠤᠨᠢᠯ 
 ᠡᠯᠡᠷᠡᠰᠢ ᠦᠭᠡᠢ ᠲᠤᠩᠬᠠᠭᠯᠠᠨ᠎ᠠ᠃ 
 ᠬᠠᠢᠷᠠᠯᠠᠵᠤ ᠪᠦᠪᠡᠢᠯᠡᠳᠡᠭ ᠲᠠᠯ᠎ᠠ ᠮᠢᠨᠢ  
 ᠬᠠᠷᠠᠬᠠᠨ ᠮᠢᠨᠦ ᠮᠠᠨᠴᠤᠢ 
 ᠬᠠᠨᠠᠢᠨ ᠰᠦᠮᠪᠦᠷᠯᠡᠬᠦ ᠣᠪᠣᠭ᠎ᠠ ᠮᠢᠨᠢ  
 ᠬᠠᠯᠠ ᠣᠪᠣᠭ ᠤ᠋ᠨ ᠬᠡᠢᠮᠣᠷᠢ 
 ᠪᠤᠷᠭᠢᠯᠤᠨ ᠰᠠᠴᠤᠯᠠᠬᠤ ᠣᠷᠬᠢᠯᠤᠭ᠎ᠠ 
 ᠪᠣᠳᠣᠯ ᠤ᠋ᠨ ᠰᠢᠵᠢᠷ ᠬᠡᠯᠬᠢᠶ᠎ᠡ᠂ 
 ᠪᠤᠯᠠᠭ ᠰᠠᠴᠤᠭᠰᠠᠨ ᠨᠠᠢᠷᠠᠭ 
 ᠪᠣᠭᠰᠢᠵᠤ ᠬᠥᠭᠡᠰᠦᠷᠡᠭᠰᠡᠨ ᠠᠢᠷᠠᠭ᠃ 
 ᠤᠨᠠᠭᠠᠨ ᠨᠤᠲᠤᠭ ᠤ᠋ᠨ ᠴᠡᠴᠡᠭᠯᠡᠯ ᠳ᠋ᠦ᠍ 
 ᠣᠶᠤᠨ ᠲᠠᠷᠢᠬᠢ ᠪᠠᠨ ᠰᠢᠮᠡᠳᠬᠡᠵᠦ 
 ᠤᠳᠬ᠎ᠠ ᠶ᠋ᠢᠨ ᠢᠷᠠᠭᠤ ᠡᠩᠨᠡᠭᠡᠨ ᠳ᠋ᠦ᠍ 
 ᠤᠶᠠᠩᠭ᠎ᠠ ᠶ᠋ᠢᠨ ᠦᠵᠦᠭ ᠪᠠᠷᠢᠵᠤ 
 ᠬᠦᠰᠡᠯᠡᠩ ᠳ᠋ᠦ᠍ ᠲᠡᠮᠡᠦᠯᠦᠭᠰᠡᠨ ᠵᠢᠷᠦᠬᠡ ᠮᠢᠨᠢ 
 ᠬᠥᠬᠡᠷᠡᠭᠰᠡᠨ ᠨᠤᠲᠤᠭ ᠲᠤ ᠡᠷᠭᠢᠴᠡᠭᠡᠳ 
 ᠬᠦᠴᠢᠷ ᠢ᠋ ᠳᠠᠪᠲᠠᠭᠰᠠᠨ ᠵᠣᠷᠢᠭ ᠮᠢᠨᠢ 
 ᠬᠥᠭᠵᠢᠯ ᠦ᠋ᠨ ᠦᠢᠯᠡᠰ ᠲᠤ ᠨᠡᠮᠡᠷᠢᠯᠡᠭᠡᠳ 
 ᠠᠭᠤᠯᠠ ᠲᠠᠯ᠎ᠠ ᠶ᠋ᠢᠨ ᠴᠢᠨᠢ ᠠᠭᠤᠵᠢᠮ 
 ᠣᠴᠢᠯᠠᠬᠤ ᠬᠠᠷᠠᠭ᠎ᠠ ᠶ᠋ᠢ ᠥᠷᠭᠡᠳᠬᠡᠵᠦ 
 ᠤᠰᠤ ᠭᠣᠣᠯ ᠤ᠋ᠨ ᠴᠢᠨᠢ ᠲᠤᠩᠭᠠᠯᠠᠭ 
 ᠤᠶᠠᠬᠠᠨ ᠰᠡᠳᠬᠢᠯ ᠢ᠋ ᠢᠪᠢᠯᠭᠡᠵᠦ 
 ᠲᠠᠪᠰᠢᠵᠤ ᠪᠠᠢᠭ᠎ᠠ ᠨᠤᠲᠤᠭ ᠤ᠋ᠨ ᠢ᠋ᠶ᠋ᠠᠨ 
 ᠳᠡᠯᠭᠡᠷᠡᠵᠦ ᠪᠠᠢᠭ᠎ᠠ ᠠᠮᠢᠳᠤᠷᠠᠯ ᠳ᠋ᠤ᠌ 
 《 ᠵᠧ ᠬᠥᠶᠢ ᠠᠢ ᠪᠣᠷᠣ ᠪᠢᠯᠵᠤᠤᠬᠠᠢ》 ᠪᠠᠨ 
 ᠵᠢᠷ ᠦ᠋ᠨ ᠦᠷ᠎ᠡ ᠶ᠋ᠢᠨ ᠴᠢᠨᠢ ᠬᠤᠪᠢ ᠪᠠᠷ 
 ᠬᠠᠢᠷ᠎ᠠ ᠶ᠋ᠢᠨ ᠤᠴᠢᠭ ᠲᠤ ᠰᠢᠵᠢᠮᠯᠡᠵᠦ 
 ᠬᠠᠩᠭᠢᠨᠠᠲᠠᠯ᠎ᠠ ᠳᠠᠭᠤᠯᠠᠵᠤ ᠶᠠᠪᠤᠨ᠎ᠠ᠂ 
 ᠬᠠᠨ ᠳᠡᠯᠡᠬᠡᠢ ᠶ᠋ᠢᠨ ᠬᠠᠮᠢᠭ᠎ᠠ ᠠ᠋ᠴᠠ ᠴᠤ᠌ 
 ᠬᠠᠷᠠᠭᠳᠠᠬᠤ ᠪᠠᠷ᠎ᠠ ᠶ᠋ᠢ ᠴᠢᠨᠢ ᠰᠢᠷᠲᠡᠵᠦ ᠶᠠᠪᠤᠨ᠎ᠠ᠃ 

   ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 03 28