ᠵᠡᠭᠦᠳᠦᠨ ᠳ᠋ᠦ᠍ ᠢᠷᠡᠬᠦ ᠡᠵᠢ-ᠰᠠᠢᠨᠵᠢᠷᠭᠠᠯЗүүдэнд ирэх ээж-Сайнжаргал
ᠵᠡᠭᠦᠳᠦᠨ ᠳ᠋ᠦ᠍ ᠢᠷᠡᠬᠦ ᠡᠵᠢ
ᠰᠠᠶ᠋ᠢᠨᠵᠢᠷᠭᠠᠯ
ᠮᠠᠯᠴᠢᠨ ᠬᠥᠮᠦᠨ ᠦ᠌ ᠵᠤᠷᠰᠢᠯ ᠢ᠋ᠶ᠋ᠠᠷ
ᠮᠠᠩᠬᠠᠢᠬᠤ ᠦᠷ ᠢ᠋ᠶ᠋ᠡᠨ ᠤᠭᠲᠤᠭᠠᠳ
ᠮᠣᠳᠣᠨ ᠰᠠᠭᠤᠯᠠᠭ᠎ᠠ ᠪᠠᠨ ᠳᠡᠭᠦᠵᠢᠯᠡᠭᠡᠳ
ᠮᠤᠬᠤᠷ ᠤᠯᠠᠭᠠᠨ ᠢ᠋ᠶ᠋ᠠᠨ ᠰᠠᠭᠠᠴᠢᠬᠠᠭᠠᠳ
ᠮᠠᠯ ᠦ᠋ᠨ ᠪᠠᠷ᠎ᠠ ᠪᠠᠨ ᠰᠠᠷᠠᠪᠴᠢᠯᠠᠭᠠᠳ
ᠮᠥᠮᠥ ᠮᠢᠨᠢ ᠲᠡᠨᠳᠡ ᠵᠣᠭᠰᠣᠬᠤ ᠰᠢᠭ᠋
ᠠᠷᠭᠠᠯ ᠤ᠋ᠨ ᠭᠠᠯ ᠢ᠋ᠶ᠋ᠠᠨ ᠲᠦᠯᠡᠭᠡᠳ
ᠠᠭᠠᠭ ᠲᠠᠢ ᠴᠠᠢ ᠪᠠᠨ ᠰᠦᠯᠡᠭᠡᠳ
ᠠᠭᠠᠷ ᠲᠩᠷᠢ ᠳ᠋ᠦ᠍ ᠪᠡᠨ ᠳᠡᠭᠡᠵᠢᠯᠡᠭᠡᠳ
ᠠᠭᠤᠯᠠ ᠤᠰᠤᠨ ᠳ᠋ᠤ᠌ ᠪᠠᠨ ᠡᠷᠭᠦᠴᠢᠬᠡᠭᠡᠳ
ᠠᠮᠤᠰᠬᠢᠨ ᠵᠢᠭᠠᠬᠠᠨ ᠰᠠᠭᠤᠴᠢᠬᠠᠭᠠᠳ
ᠠᠩᠭ᠎ᠠ ᠨᠠᠮ᠎ᠠ ᠶ᠋ᠢ ᠰᠡᠷᠢᠭᠡᠬᠦ ᠰᠢᠭ
ᠡᠭᠦᠳᠡᠨ ᠦ᠌ ᠴᠠᠰᠤ ᠪᠠᠨ ᠠᠷᠢᠯᠭᠠᠭᠠᠳ
ᠡᠷᠭᠢᠨᠡᠭ ᠬᠣᠷᠭᠣ ᠪᠠᠨ ᠵᠦᠯᠭᠦᠭᠡᠳ
ᠡᠷᠦᠬᠡ ᠭᠡᠷ ᠢ᠋ᠶ᠋ᠡᠨ ᠴᠡᠪᠡᠷᠯᠡᠭᠡᠳ
ᠢᠰᠡᠭᠡᠢ ᠣᠢᠮᠣᠰᠤ ᠶ᠋ᠢ ᠮᠢᠨᠢ ᠴᠣᠭᠣᠯᠢᠳᠤᠭᠠᠳ
ᠥᠬᠥᠭᠡᠷᠳᠡᠵᠦ ᠨᠠᠮ᠎ᠠ ᠶ᠋ᠢ ᠦᠨᠦᠰᠴᠢᠬᠡᠭᠡᠳ
ᠥᠨᠳᠡᠢᠨ ᠪᠣᠰᠴᠤ ᠬᠣᠯᠠᠳᠠᠭᠠᠳ᠁
ᠵᠡᠭᠦᠨ ᠲᠣᠬᠣᠢ ᠶ᠋ᠢᠨ ᠴᠣᠭᠣᠯᠤᠭᠤᠷ ᠠ᠋ᠴᠠ ᠪᠠᠨ
ᠤᠰᠤ ᠪᠠᠨ ᠳᠠᠮᠨᠠᠬᠤ ᠨᠢ ᠬᠠᠷᠠᠭᠳᠠᠨ᠎ᠠ
ᠵᠤᠪᠴᠠᠭ᠎ᠠ ᠳᠡᠪᠡᠯ ᠦ᠋ᠨ ᠬᠢᠨ ᠬᠣᠷᠮᠣᠢ ᠠ᠋ᠴᠠ ᠨᠢ
ᠤᠯᠠᠭᠠᠨ ᠭᠥᠯᠥᠭᠡ ᠨᠢ ᠴᠢᠷᠦᠭᠳᠡᠨᠡ
ᠬᠤᠷᠠᠭ᠎ᠠ ᠲᠤᠭᠤᠯ ᠤ᠋ᠨ ᠲᠡᠵᠢᠭᠡᠪᠦᠷᠢ ᠨᠢ
ᠬᠣᠢᠨ᠎ᠠ ᠡᠮᠦᠨ᠎ᠡ ᠨᠢ ᠭᠦᠶᠦᠯᠳᠦᠨ᠎ᠡ
ᠦᠨᠡᠭᠡᠨ ᠠᠷᠠᠰᠤᠨ ᠴᠢᠬᠢᠪᠴᠢ ᠨᠢ
ᠥᠩᠭᠡ ᠨᠢ ᠪᠠᠭᠤᠷᠠᠢ ᠰᠠᠨᠠᠭᠳᠠᠨ᠎ᠠ
ᠥᠨᠳᠡᠯᠵᠡᠨ ᠥᠨᠳᠡᠯᠵᠡᠨ ᠠᠯᠬᠤᠬᠤ ᠨᠢ
ᠡᠭᠦᠯᠡᠨ ᠲᠣᠯᠣᠭᠠᠢ ᠭᠢᠰᠬᠢᠯᠡᠨ᠎ᠡ
ᠡᠵᠢ ᠠ᠋ ᠡᠵᠢ ᠭᠡᠵᠦ ᠰᠡᠷᠢᠬᠦ ᠳ᠋ᠦ᠍
ᠬᠡᠬᠦᠳᠡᠭ ᠴᠡᠭᠡᠵᠢ ᠮᠢᠨᠢ ᠬᠥᠨᠳᠡᠢᠷᠡᠨᠡ᠁
2020᠂ 11᠂ 22
ᠦᠰᠦᠭ ᠠᠮᠢᠯᠠᠭᠤᠯᠤᠭᠴᠢ᠄ ᠣᠯᠬᠤᠨᠤᠳ ᠠᠶᠤᠰᠢ
ᠬᠢᠨᠠᠭᠴᠢ᠄ ᠣᠳᠬᠠᠨᠰᠣ᠎ᠠ
