ᠦᠷ᠎ᠡ ᠳ᠋ᠦ᠍ ᠪᠡᠨ ᠵᠠᠬᠢᠬᠤ ᠰᠤᠷᠭᠠᠯ-ᠡᠷᠳᠡᠨᠢᠬᠤᠸᠠᠷҮртээ захих сургаал-Эрдэнхувр
ᠦᠷ᠎ᠡ ᠳ᠋ᠦ᠍ ᠪᠡᠨ ᠵᠠᠬᠢᠬᠤ ᠰᠤᠷᠭᠠᠯ
ᠦᠭᠡ᠄ ᠪᠡᠰᠦᠳ ᠪᠠᠳᠣᠴᠢᠯᠠᠭᠣ
ᠠᠶ᠎ᠠ᠄ ᠤᠶᠤᠨᠮᠦ᠋ᠷᠡᠨ
MIDI ᠬᠥᠭᠵᠢᠮ᠄ ᠮᠦᠩᠭᠦᠨᠱᠠ
ᠳᠠᠭᠤᠴᠢᠨ᠄ ᠡᠷᠳᠡᠨᠢᠬᠤᠸᠠᠷ
ᠴᠠᠭ ᠤ᠋ᠨ ᠰᠠᠢᠬᠠᠨ ᠳ᠋ᠤ᠌ ᠡᠷᠬᠡ ᠦᠰᠦᠯ᠎ᠡ ᠦᠷ᠎ᠡ ᠮᠢᠨᠢ
ᠴᠠᠬᠢᠮ ᠬᠣᠷᠸ᠎ᠠ ᠳ᠋ᠤ᠌ ᠮᠡᠳᠡᠬᠦ ᠦᠭᠡᠢ ᠵᠦᠢᠯ ᠠᠷᠪᠢᠨ ᠪᠣᠢ
ᠴᠠᠯᠴᠢᠶ᠎ᠠ ᠦᠭᠡ ᠴᠠᠯᠠᠭᠠᠢ ᠶᠠᠪᠤᠳᠠᠯ ᠢ᠋ ᠳᠠᠩᠴᠤ ᠬᠢᠨᠠᠵᠤ
ᠴᠢᠮᠠᠯᠠᠬᠤ ᠶ᠋ᠢ ᠲᠡᠪᠴᠢᠨ ᠪᠠᠷᠳᠠᠮ ᠠ᠋ᠴᠠ ᠵᠠᠢᠯᠠᠵᠤ
ᠥᠪᠡᠷ ᠦ᠋ᠨ ᠬᠢ ᠪᠡᠷ ᠢ᠋ᠶ᠋ᠡᠨ ᠶᠠᠪᠤᠭᠠᠷᠠᠢ
ᠥᠩᠭᠡ ᠮᠥᠩᠭᠥᠨ ᠦ᠌ ᠶᠢᠷᠲᠢᠨᠴᠦ ᠭᠡᠵᠦ ᠬᠠᠴᠢᠨ ᠪᠣᠢ
ᠥᠰᠴᠦ ᠪᠠᠭᠤᠷᠠᠬᠤ ᠶ᠋ᠢᠨ ᠰᠢᠯᠲᠠᠭᠠᠨ ᠭᠡᠭᠴᠢ ᠠᠷᠪᠢᠨ ᠪᠣᠢ
ᠦᠵᠦᠭᠦᠷ ᠬᠢᠵᠠᠭᠠᠷ ᠦᠭᠡᠢ ᠰᠢᠨᠤᠯ ᠭᠡᠵᠦ ᠬᠡᠴᠡᠭᠦᠦ ᠪᠣᠢ
ᠥᠯᠵᠡᠢ ᠮᠥᠷ ᠲᠡᠢ ᠶᠠᠪᠤᠨ᠎ᠠ ᠭᠡᠭᠴᠢ ᠡᠷᠬᠢᠮ ᠪᠣᠢ
ᠦᠵᠡᠭᠰᠡᠨ ᠪᠣᠯᠭᠠᠨ ᠴᠢᠨᠢ ᠦᠨᠡᠨ ᠪᠢᠰᠢ ᠦᠷ᠎ᠡ ᠮᠢᠨᠢ
ᠣᠷᠴᠢᠯᠠᠩ ᠳᠡᠯᠡᠬᠡᠢ ᠳ᠋ᠦ᠍ ᠰᠣᠨᠢᠨ ᠶᠠᠪᠤᠳᠠᠯ ᠣᠯᠠᠨ ᠪᠣᠢ
ᠣᠶᠤᠨ ᠴᠢᠳᠠᠯ ᠢ᠋ᠶ᠋ᠠᠨ ᠪᠠᠢᠬᠤ ᠶ᠋ᠢᠨ ᠴᠢᠨᠡᠭᠡ ᠪᠡᠷ ᠬᠢᠴᠢᠶᠡ ᠳ᠋ᠣᠣ
ᠦᠯᠡᠮᠵᠢ ᠰᠡᠳᠬᠢᠨ ᠡᠭᠦᠷᠢᠳᠡ ᠴᠢᠷᠮᠠᠢᠵᠤ
ᠡᠪ ᠦ᠋ᠨ ᠲᠦᠰᠢᠭ ᠲᠡᠢ ᠶᠠᠪᠤᠭᠠᠷᠠᠢ
( ᠳᠠᠬᠢᠯᠲᠠ )
ᠠᠯᠲᠠᠨ ᠲᠡᠪᠡᠨᠡ ᠶ᠋ᠢᠨ ᠦᠵᠦᠭᠦᠷ ᠲᠤ ᠲᠣᠭᠲᠠᠵᠤ ᠦᠷ᠎ᠡ ᠮᠢᠨᠢ
ᠠᠯᠠᠭᠬᠠᠨ ᠬᠣᠷᠸ᠎ᠠ ᠳ᠋ᠤ᠌ ᠬᠥᠮᠦᠨ ᠪᠣᠯᠬᠤ ᠠᠮᠠᠷ ᠦᠭᠡᠢ ᠰᠢᠦ
ᠠᠰᠢᠳᠠ ᠪᠠᠳᠠᠷᠠᠬᠤ ᠭᠣᠯᠣᠮᠲᠠ ᠶ᠋ᠢᠨ ᠭᠠᠯ ᠢ᠋ᠶ᠋ᠠᠨ ᠬᠥᠭᠵᠢᠭᠡᠵᠦ
ᠠᠰᠤᠷᠤ ᠨᠠᠨᠳᠢᠨ ᠳᠡᠭᠡᠳᠦ ᠶ᠋ᠢᠨ ᠰᠣᠶᠣᠯ ᠢ᠋ᠶ᠋ᠠᠨ ᠥᠪᠯᠡᠵᠦ ᠶᠠᠪᠤᠭᠠᠷᠠᠢ
( ᠳᠠᠬᠢᠯᠲᠠ )
ᠦᠰᠦᠭ ᠠᠮᠢᠯᠠᠭᠤᠯᠤᠨ ᠬᠠᠲᠠᠵᠤ ᠬᠢᠨᠠᠭᠴᠢ᠄ ᠬᠠᠷᠠᠭᠳᠠᠨ ᠷ ᠂ ᠴᠢᠷᠮᠠᠢᠯᠳᠣ
