ᠴᠠᠭᠠᠨ ᠵᠡᠭᠡᠷᠭᠡᠨ᠎ᠡЦагаан зээргэнэ ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠵᠡᠭᠡᠷᠭᠡᠨ᠎ᠡЦагаан зээргэнэ

ᠴᠠᠭᠠᠨ ᠵᠡᠭᠡᠷᠭᠡᠨ᠎ᠡЦагаан зээргэнэ

2024-04-07

381

ᠴᠠᠭᠠᠨ ᠵᠡᠭᠡᠷᠭᠡᠨ᠎ᠡ( ᠬᠣᠨᠢᠨ ᠵᠡᠭᠡᠷᠭᠡᠨ᠎ᠡ)

            ᠡᠭᠡᠷᠭᠡᠨ᠎ᠡ ᠶ᠋ᠢᠨ ᠢᠵᠠᠭᠤᠷ 
     ᠳᠡᠭᠡᠭᠰᠢ ᠰᠢᠯᠤᠭᠤᠨ ᠢ᠋ᠶ᠋ᠠᠷ ᠪᠤᠶᠤ ᠲᠠᠰᠢᠭᠤ ᠪᠠᠷ ᠤᠷᠭᠤᠳᠠᠭ ᠪᠠᠭ᠎ᠠ ᠪᠤᠲᠠ ᠮᠣᠳᠣ᠂1m ᠢᠯᠡᠭᠦᠦ ᠥᠨᠳᠥᠷ ᠪᠥᠭᠡᠳ ᠰᠠᠬᠤᠯᠢᠭ ᠰᠠᠯᠠᠭ᠎ᠠ ᠮᠥᠴᠢᠷ ᠲᠡᠢ᠃ ᠵᠢᠵᠢᠭ ᠮᠥᠴᠢᠷ ᠨᠢ ᠰᠢᠷ᠎ᠠ ᠨᠣᠭᠣᠭᠠᠨ ᠪᠤᠶᠤ ᠬᠥᠬᠡᠪᠲᠦᠷ ᠨᠣᠭᠣᠭᠠᠨ᠂ ᠴᠠᠭᠠᠨ ᠣ ᠲᠠᠢ᠂ ᠪᠠᠰᠠ ᠠᠷ ᠲᠠᠢ᠂ ᠭᠥᠯᠢᠭᠡᠷ ᠪᠤᠶᠤ ᠠᠷᠵᠠᠭᠠᠢ ᠦᠶ᠎ᠡ ᠶ᠋ᠢᠨ ᠬᠣᠭᠣᠷᠣᠨᠳᠣᠬᠢ ᠵᠠᠢ ᠨᠢ3—6cm ᠤᠷᠲᠤ᠂ ᠳ᠋ᠢᠶᠠᠮᠧᠲ᠋ᠷ ᠨᠢ2—3mm᠃ ᠨᠠᠪᠴᠢ ᠨᠢ ᠬᠠᠢᠷᠰᠤᠨ ᠬᠡᠯᠪᠡᠷᠢ ᠲᠡᠢ ᠪᠥᠭᠡᠳ ᠤᠯᠠᠭᠠᠨ ᠥᠩᠭᠡ ᠲᠡᠢ ᠪᠠᠢᠳᠠᠭ᠃2—6mm ᠤᠷᠲᠤ᠂ ᠤᠭ ᠤ᠋ᠨ ᠬᠡᠰᠡᠭ ᠲᠡᠭᠡᠨ ᠬᠠᠷᠢᠯᠴᠠᠨ ᠨᠡᠢᠯᠡᠭᠡᠳ ᠬᠣᠭᠣᠯᠠᠢ ᠰᠢᠭ᠋ ᠪᠣᠯᠵᠠᠢ᠂ ᠮᠥᠴᠢᠷ ᠳᠡᠭᠡᠷ᠎ᠡ ᠪᠡᠨ ᠴᠢᠭᠲᠠᠯᠠᠵᠤ ᠤᠷᠭᠤᠬᠤ ᠪᠤᠶᠤ3—1 ᠪᠡᠷ ᠳᠤᠭᠤᠢᠷᠠᠨ ᠤᠷᠭᠤᠨ᠎ᠠ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ; ᠡᠷ᠎ᠡ ᠪᠠᠭ ᠴᠡᠴᠡᠭ ᠨᠢ ᠶᠡᠷᠦ ᠳ᠋ᠡᠭᠡᠨ ᠬᠡᠳᠦ ᠬᠡᠳᠦ ᠪᠡᠷ ᠮᠥᠴᠢᠷ ᠦ᠋ᠨ ᠦᠶ᠎ᠡ ᠳᠡᠭᠡᠷ᠎ᠡ ᠪᠠᠭᠯᠠᠷᠠᠨ ᠤᠷᠭᠤᠨ᠎ᠠ᠂ ᠵᠢᠵᠢᠭ ᠪᠥᠮᠪᠦᠭᠡᠨ ᠬᠡᠯᠪᠡᠷᠢ ᠲᠡᠢ᠂ ᠡᠰᠡᠬᠦᠯ᠎ᠡ ᠥᠨᠳᠡᠭᠡᠯᠵᠢᠨ ᠪᠤᠶᠤ ᠲᠣᠩᠭᠣᠷᠤᠤ ᠥᠨᠳᠡᠭᠡᠯᠵᠢᠨ ᠰᠢᠭ ᠪᠣᠯᠳᠠᠭ᠂5—7 ᠪᠠᠭᠯᠠᠭᠴᠢ ᠲᠠᠢ᠂3—4 ᠬᠣᠣᠰ ᠡᠷ᠎ᠡ ᠴᠡᠴᠡᠭ ᠲᠡᠢ ᠪᠠ ᠡᠷ᠎ᠡ ᠴᠡᠴᠡᠭ ᠪᠦᠷᠢ ᠨᠢ5—8 ᠡᠷ᠎ᠡ ᠲᠣᠭᠣᠷᠴᠣᠭ; ᠡᠮ᠎ᠡ ᠪᠠᠭ ᠴᠡᠴᠡᠭ ᠨᠢ ᠭᠠᠭᠴᠠᠭᠠᠷ ᠪᠤᠶᠤ2—3 ᠪᠠᠷ ᠮᠥᠴᠢᠷ ᠦ᠋ᠨ ᠦᠶ᠎ᠡ ᠳᠡᠭᠡᠷ᠎ᠡ ᠤᠷᠭᠤᠨ᠎ᠠ᠂᠂2—3 ᠬᠦᠢᠰ ᠴᠡᠴᠡᠭ ᠲᠡᠢ᠂2—3 ᠬᠣᠣᠰ ᠪᠠᠭᠯᠠᠭᠴᠢ ᠨᠢ ᠤᠭ ᠢ᠋ᠶ᠋ᠠᠷ ᠢ᠋ᠶ᠋ᠠᠨ ᠬᠠᠷᠢᠯᠴᠠᠨ ᠨᠡᠢᠯᠡᠵᠦ ᠤᠷᠭᠤᠵᠠᠢ; ᠦᠷ᠎ᠡ ᠨᠠᠬᠢᠶᠠᠨ ᠤ᠋ ᠪᠦᠷᠬᠦᠭᠦᠯ ᠦ᠋ᠨ ᠬᠣᠭᠣᠯᠠᠢ ᠨᠢ3mm ᠤᠷᠲᠤ ᠪᠥᠭᠡᠳ ᠱᠤᠷᠠᠭᠯᠠᠭᠰᠠᠨ ᠬᠡᠯᠪᠡᠷᠢ ᠲᠡᠢ ᠪᠡᠷ ᠮᠤᠰᠬᠢᠷᠠᠯᠳᠤᠭᠰᠠᠨ ᠪᠠᠢᠳᠠᠭ᠃ ᠡᠮ᠎ᠡ ᠪᠠᠭ ᠴᠡᠴᠡᠭ ᠨᠢ ᠪᠣᠯᠪᠠᠰᠤᠷᠠᠪᠠᠯ ᠪᠠᠭᠯᠠᠭᠴᠢ ᠨᠢ ᠮᠢᠬᠠᠯᠢᠭᠵᠢᠭᠠᠳ ᠵᠢᠮᠢᠰ ᠮᠡᠲᠦ ᠪᠣᠯᠳᠠᠭ ᠂ ᠤᠯᠠᠭᠠᠨ᠂6—7mm ᠤᠷᠲᠤ2—3 ᠬᠦᠷᠡᠩ ᠦᠷ᠎ᠡ ᠲᠡᠢ᠃
     ᠭᠣᠪᠢᠷᠬᠠᠤ ᠣᠷᠣᠨ᠂ ᠡᠯᠡᠰᠦᠨ ᠭᠣᠪᠢ ᠣᠷᠣᠨ ᠪᠤᠶᠤ ᠠᠭᠤᠯᠠ ᠪᠠᠷ ᠤᠷᠭᠤᠨ᠎ᠠ᠃
     ᠮᠠᠨ ᠤ᠋ ᠤᠯᠤᠰ ᠤ᠋ᠨ ᠥᠪᠥᠢ ᠮᠣᠩᠭᠣᠯ᠂ ᠰᠢᠨᠵᠢᠶᠠᠩ᠂ ᠬᠥᠬᠡᠨᠠᠭᠤᠷ᠂ ᠭᠠᠨᠰᠦ᠂ ᠱᠠᠨᠰᠢ᠂ ᠱᠠᠨ ᠰᠢ᠂ ᠾᠧᠪᠧᠢ᠂ ᠯᠢᠶᠣᠤᠨᠢᠩ᠂ ᠬᠢᠷᠢᠨ ᠵᠡᠷᠭᠡ ᠮᠣᠵᠢ ᠣᠷᠣᠨ ᠳ᠋ᠤ᠌ ᠤᠷᠭᠤᠳᠠᠭ᠃
     ᠡᠮ ᠦ᠋ᠨ ᠤᠷᠭᠤᠮᠠᠯ ᠶᠤᠮ᠃ ᠮᠢᠬᠠᠯᠢᠭᠵᠢᠭᠰᠠᠨ ᠪᠠᠭᠯᠠᠭᠴᠢ ᠶ᠋ᠢ ᠨᠢ ᠢᠳᠡᠵᠦ ᠪᠣᠯᠤᠨ᠎ᠠ᠃
     ᠬᠢᠲᠠᠳ ᠨᠡᠷ᠎ᠡ᠄中麻黄
     ᠠᠩᠭ᠌ᠯᠢ ᠨᠡᠷ᠎ᠡ᠄Ephedra intermedia Schrenkex C.A.Mey.

     ᠦᠰᠦᠭ ᠠᠮᠢᠯᠠᠭᠤᠯᠤᠭᠴᠢ᠄ ᠣ ᠰᠡᠴᠡᠨᠲᠦ
     ᠬᠢᠨᠠᠭᠴᠢ᠄ ᠲᠤᠶᠠᠭ᠎ᠠ