ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠴᠠ‍ ᠂ ᠴᠣᠢᠳᠠᠨᠳᠠᠷ Шинэ дундад улсын уран бичлэгдэд -<1>1949 оноос өмнө мэндэлсэд - Ч ᠂Чойдандар ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠴᠠ‍ ᠂ ᠴᠣᠢᠳᠠᠨᠳᠠᠷ Шинэ дундад улсын уран бичлэгдэд -<1>1949 оноос өмнө мэндэлсэд - Ч ᠂Чойдандар

ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠴᠠ‍ ᠂ ᠴᠣᠢᠳᠠᠨᠳᠠᠷ Шинэ дундад улсын уран бичлэгдэд -<1>1949 оноос өмнө мэндэлсэд - Ч ᠂Чойдандар

ᠠᠩᠭᠢᠯᠠᠯ:ᠤᠷᠠᠨ ᠪᠢᠴᠢᠯᠭᠡ
2024-04-07

722

<ᠨᠢᠭᠡ>1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠳᠡᠳ

—— ᠴᠠ‍ ᠂ ᠴᠣᠢᠳᠠᠨᠳᠠᠷ Ч ᠂Чойдандар


       ᠴᠠ‍ · ᠴᠤᠢᠳᠠᠨᠳᠠᠷ᠂ ᠪᠠᠷᠭᠠᠳ ᠬᠣᠢᠲᠤ ᠶ᠋ᠢᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠫᠷᠣᠹᠧᠰᠰᠣᠷ ᠂ ᠮᠣᠩᠭᠣᠯ ᠵᠠᠩ ᠦᠢᠯᠡ ᠶ᠋ᠢᠨ ᠤᠬᠠᠭᠠᠨ ᠂ ᠤᠷᠠᠨ ᠵᠣᠬᠢᠶᠠᠯ᠂ ᠤᠷᠠᠨ ᠪᠢᠴᠢᠯᠭᠡ ᠶ᠋ᠢᠨ ᠡᠷᠳᠡᠮᠲᠡᠨ᠃ 1947 ᠣᠨ ᠤ᠋ 10 ᠰᠠᠷ᠎ᠠ ᠶ᠋ᠢᠨ 8 ᠳ᠋ᠤ᠌ ᠥᠪᠥᠷ ᠮᠣᠩᠭᠣᠯ ᠤ᠋ᠨ ᠠᠯᠠᠱᠠ ᠠᠢᠮᠠᠭ ᠤᠨ ᠡᠵᠡᠨ᠎ᠡ ᠬᠤᠰᠢᠭᠤᠨ ᠳ᠋ᠤ᠌ ᠵᠠᠶᠠᠭ᠎ᠠ ᠠᠪᠤᠨ ᠮᠡᠨᠳᠦᠯᠡᠵᠡᠢ᠃ 1977 ᠣᠨ ᠳ᠋ᠤ᠌ ᠪᠠᠷᠭᠠᠳ ᠬᠣᠢᠲᠤ ᠶ᠋ᠢᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠮᠣᠩᠭᠣᠯ ᠬᠡᠯᠡ ᠤᠳᠬ᠎ᠠ ᠵᠣᠬᠢᠶᠠᠯ ᠤ᠋ᠨ ᠠᠩᠭᠢ ᠠ᠋ᠴᠠ ᠲᠡᠭᠦᠰᠦᠭᠡᠳ 1992 ᠣᠨ ᠳ᠋ᠤ᠌ ᠮᠣᠩᠭᠣᠯ ᠤᠯᠤᠰ ᠤ᠋ᠨ ᠰᠢᠨᠵᠢᠯᠡᠬᠦ ᠤᠬᠠᠭᠠᠨ ᠤ᠋ ᠠᠺᠳ᠋ᠸᠮᠢ ᠳ᠋ᠤ᠌ ᠰᠤᠷᠤᠯᠴᠠᠵᠤ 《 ᠠᠯᠠᠱᠠ ᠬᠣᠱᠤᠳ ᠲᠦᠮᠡᠨ ᠦ᠌ ᠵᠠᠩ ᠦᠢᠯᠡ ᠶ᠋ᠢᠨ ᠰᠤᠳᠤᠯᠤᠯ 》 ᠬᠡᠮᠡᠬᠦ ᠵᠣᠬᠢᠶᠠᠯ ᠢ᠋ᠶ᠋ᠠᠷ ᠳ᠋ᠣᠺᠲ᠋ᠣᠷ ᠵᠡᠷᠭᠡ ᠬᠠᠮᠠᠭᠠᠯᠠᠵᠤ ᠰᠤᠷᠭᠠᠭᠤᠯᠢ ᠳ᠋ᠠᠭᠠᠨ ᠪᠤᠴᠠᠵᠤ 40 ᠵᠢᠯ ᠪᠠᠭᠰᠢᠯᠠᠵᠠᠢ᠃ ᠲᠡᠷᠡ ᠮᠣᠩᠭᠣᠯ ᠤᠷᠠᠨ ᠵᠣᠬᠢᠶᠠᠯ᠂ ᠵᠠᠩᠰᠢᠯ ᠵᠦᠢ᠂ ᠮᠣᠩᠭᠣᠯ ᠤᠷᠠᠨ ᠪᠢᠴᠢᠯᠭᠡ ᠵᠡᠷᠭᠡ ᠬᠢᠴᠢᠶᠡᠯ ᠵᠢᠭᠠᠬᠤ ᠶ᠋ᠢᠨ ᠳᠠᠭᠠᠤ ᠤᠳᠬ᠎ᠠ ᠵᠣᠬᠢᠶᠠᠯ ᠵᠢᠭᠠᠨ ᠰᠤᠳᠤᠯᠬᠤ ᠲᠠᠰᠤᠭ ᠤ᠋ᠨ ᠡᠷᠬᠢᠯᠡᠭᠴᠢ᠂ ᠮᠣᠩᠭᠣᠯ ᠬᠡᠯᠡ ᠵᠣᠬᠢᠶᠠᠯ ᠤ᠋ᠨ ᠰᠠᠯᠪᠤᠷᠢ ᠶ᠋ᠢᠨ ᠵᠠᠬᠢᠷᠤᠯ ᠤ᠋ᠨ ᠲᠤᠰᠢᠶᠠᠯ ᠢ᠋ ᠡᠭᠦᠷᠭᠡᠯᠡᠵᠦ ᠶᠠᠪᠤᠵᠠᠢ᠃  ᠴᠤᠢᠳᠠᠨᠳᠠᠷ ᠪᠠᠭᠰᠢ᠂ ᠪᠠᠷᠠᠭᠤᠨ ᠮᠣᠩᠭᠣᠯ ᠤ᠋ᠨ ᠰᠣᠶᠣᠯ ᠰᠤᠳᠤᠯᠬᠤ ᠭᠠᠵᠠᠷ᠂ ᠣᠢᠷᠠᠳ ᠰᠣᠶᠣᠯ ᠰᠤᠳᠤᠯᠬᠤ ᠲᠠᠰᠤᠭ᠂ ᠣᠢᠷᠠᠳ ᠶᠣᠰᠣ ᠵᠠᠩᠰᠢᠯ ᠤ᠋ᠨ ᠨᠡᠢᠭᠡᠮᠯᠢᠭ ᠢ᠋ ᠰᠠᠨᠠᠭᠠᠴᠢᠯᠠᠨ ᠡᠭᠦᠰᠬᠡᠨ ᠪᠠᠢᠭᠤᠯᠵᠤ᠂ ᠮᠣᠩᠭᠣᠯ ᠣᠶᠤᠲᠠᠳ ᠤ᠋ᠨ《ᠴᠠᠰᠤᠲᠤ ᠶ᠋ᠢᠨ ᠴᠣᠮᠣᠷᠯᠢᠭ》ᠰᠡᠳᠬᠦᠯ᠂ 《ᠤᠳᠬ᠎ᠠ ᠶ᠋ᠢᠨ ᠴᠢᠮᠡᠭ》ᠰᠣᠨᠢᠨ ᠪᠣᠯᠤᠨ《ᠴᠠᠰᠤᠨ ᠪᠠᠳᠮ᠎ᠠ》 ᠰᠢᠯᠦᠭ ᠦ᠋ᠨ ᠤᠷᠤᠯᠳᠤᠭᠠᠨ ᠢ᠋ ᠰᠠᠨᠠᠭᠠᠴᠢᠯᠠᠵᠤ ᠪᠡᠶᠡᠴᠢᠯᠡᠨ ᠡᠭᠦᠰᠬᠡᠪᠡ᠃ 70 ᠭᠠᠷᠤᠢ ᠥᠭᠦᠯᠡᠯ ᠨᠡᠢᠲᠡᠯᠡᠭᠦᠯᠵᠦ᠂ 《ᠤᠷᠠᠨ ᠪᠦᠲᠦᠭᠡᠯ ᠦ᠋ᠨ ᠴᠢᠮᠡᠭ》᠂《ᠮᠣᠩᠭᠣᠯ ᠶᠣᠰᠣ ᠵᠠᠩᠰᠢᠯ ᠤ᠋ᠨ ᠤᠴᠢᠷ》 ᠵᠡᠷᠭᠡ 15 ᠨᠣᠮ ᠭᠠᠷᠭᠠᠵᠤ᠂ 《 ᠣᠢᠷᠠᠳ ᠮᠣᠩᠭᠣᠯ ᠤ᠋ᠨ ᠰᠣᠶᠣᠯ ᠤ᠋ᠨ ᠴᠤᠪᠤᠷᠠᠯ ᠪᠢᠴᠢᠭ 》13 ᠪᠣᠳᠢ ᠶ᠋ᠢ ᠰᠠᠨᠠᠭᠠᠴᠢᠯᠠᠵᠤ ᠡᠷᠬᠢᠯᠡᠨ ᠨᠠᠢᠷᠠᠭᠤᠯᠵᠤ ᠬᠡᠪᠯᠡᠭᠦᠯᠪᠡ᠃ ᠲᠡᠷᠡ ᠪᠡᠷ 1974 ᠣᠨ ᠠ᠋ᠴᠠ ᠬᠠᠳᠠᠨᠵᠠᠪ ᠂ ᠡᠷᠳᠡᠨᠢᠪᠥ᠋ᠬᠡ ᠨᠠᠷ ᠤ᠋ᠨ ᠮᠣᠩᠭᠣᠯ ᠤᠷᠠᠨ ᠪᠢᠴᠢᠯᠭᠡ ᠶ᠋ᠢ ᠳᠠᠭᠤᠷᠢᠶᠠᠨ ᠰᠤᠷᠤᠯᠴᠠᠭᠰᠠᠭᠠᠷ 1990 ᠣᠨ ᠳ᠋ᠤ᠌ 《 ᠮᠣᠩᠭᠣᠯ ᠤᠷᠠᠨ ᠪᠢᠴᠢᠯᠭᠡ ᠶ᠋ᠢᠨ ᠲᠣᠪᠴᠢ ᠲᠠᠢᠯᠤᠨ 》 ᠬᠡᠮᠡᠬᠦ ᠰᠤᠷᠬᠤ ᠪᠢᠴᠢᠭ ᠢ᠋ ᠨᠠᠢᠷᠠᠭᠤᠯᠤᠨ ᠪᠠᠷᠠᠭᠤᠨ ᠬᠣᠢᠲᠤ ᠶ᠋ᠢᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠮᠣᠩᠭᠣᠯ ᠬᠡᠯᠡ ᠤᠳᠬ᠎ᠠ ᠵᠣᠬᠢᠶᠠᠯ ᠤ᠋ᠨ ᠠᠩᠭᠢ ᠳ᠋ᠤ᠌ ᠮᠣᠩᠭᠣᠯ ᠤᠷᠠᠨ ᠪᠢᠴᠢᠯᠭᠡ ᠶ᠋ᠢᠨ ᠬᠢᠴᠢᠶᠡᠯ ᠨᠡᠭᠡᠭᠡᠬᠦ ᠲᠤᠬᠠᠢ ᠠᠩᠬ᠎ᠠ ᠤᠳᠠᠭ᠎ᠠ ᠰᠠᠨᠠᠭᠠᠴᠢᠯᠠᠨ ᠳᠤᠷᠠᠳᠴᠤ ᠤᠷᠠᠨ ᠪᠢᠴᠢᠯᠭᠡ ᠶ᠋ᠢᠨ ᠬᠢᠴᠢᠶᠡᠯ ᠢ᠋ ᠵᠢᠭᠠᠵᠠᠢ᠃ ᠥᠨᠥ ᠪᠣᠯᠲᠠᠯᠠᠬᠢ ᠵᠢᠭᠠᠨ ᠰᠤᠷᠭᠠᠯᠲᠠ ᠶ᠋ᠢᠨ ᠶᠠᠪᠤᠴᠠ ᠳ᠋ᠤ᠌ 100 ᠭᠠᠷᠤᠢ ᠤᠷᠠᠨ ᠪᠢᠴᠢᠯᠭᠡ ᠶ᠋ᠢᠨ ᠪᠦᠲᠦᠭᠡᠯ ᠨᠡᠢᠲᠡᠯᠡᠭᠦᠯᠵᠦ 10 ᠭᠠᠷᠤᠢ ᠤᠳᠠᠭ᠎ᠠ ᠦᠵᠡᠰᠬᠦᠯᠡᠩ ᠭᠠᠷᠭᠠᠪᠠ᠃ 2003 ᠣᠨ ᠳ᠋ᠤ᠌ ᠲᠤᠰ ᠰᠤᠷᠭᠠᠭᠤᠯᠢ ᠶ᠋ᠢᠨ ᠣᠶᠤᠲᠠᠳ ᠤ᠋ᠨ《ᠣᠩᠭᠣᠨ ᠲᠠᠢᠭ᠎ᠠ》 ᠨᠡᠷᠡᠮᠵᠢᠲᠦ ᠮᠣᠩᠭᠣᠯ ᠤᠷᠠᠨ ᠪᠢᠴᠢᠯᠭᠡ ᠭᠡᠷᠡᠯ ᠵᠢᠷᠤᠭ ᠤ᠋ᠨ ᠱᠠᠩᠨᠠᠯᠲᠤ ᠤᠷᠤᠯᠳᠤᠭᠠᠨ ᠢ᠋ ᠰᠠᠨᠠᠭᠠᠴᠢᠯᠠᠨ ᠵᠣᠬᠢᠶᠠᠨ ᠪᠠᠢᠭᠤᠯᠵᠤ ᠬᠢᠭᠰᠡᠨ ᠡᠴᠡ ᠣᠳᠣ ᠬᠦᠷᠲᠡᠯ᠎ᠡ ᠵᠢᠯ ᠪᠦᠷᠢ ᠶᠠᠪᠤᠭᠳᠠᠵᠤ ᠮᠣᠩᠭᠣᠯ ᠣᠶᠤᠲᠠᠳ ᠤ᠋ᠨ ᠤᠷᠠᠨ ᠪᠢᠴᠢᠯᠭᠡ ᠶ᠋ᠢᠨ ᠢᠳᠡᠪᠬᠢᠵᠢᠯ ᠴᠢᠳᠠᠪᠤᠷᠢ ᠶ᠋ᠢ ᠳᠠᠢᠴᠢᠯᠠᠭᠰᠠᠭᠠᠷ ᠪᠠᠢᠨ᠎ᠠ᠃ 
       2017 ᠣᠨ ᠳ᠋ᠤ᠌ ᠠᠩᠬᠠᠳᠤᠭᠠᠷ ᠤᠳᠠᠭᠠᠨ ᠤ᠋ ᠮᠣᠩᠭᠣᠯ ᠤᠯᠠᠮᠵᠢᠯᠠᠯᠲᠤ ᠭᠡᠷ ᠦ᠋ᠨ ᠰᠤᠷᠭᠠᠯ ᠤ᠋ᠨ ᠡᠷᠳᠡᠮ ᠰᠢᠨᠵᠢᠯᠡᠭᠡᠨ ᠦ᠌ ᠬᠤᠷᠠᠯ ᠢ᠋ ᠰᠠᠨᠠᠭᠠᠴᠢᠯᠠᠨ ᠵᠣᠬᠢᠶᠠᠨ ᠪᠠᠢᠭᠤᠯᠵᠤ ᠬᠢᠭᠰᠡᠨ ᠪᠥᠭᠡᠳ《ᠮᠣᠩᠭᠣᠯ ᠤᠯᠠᠮᠵᠢᠯᠠᠯᠲᠤ ᠭᠡᠷ ᠦ᠋ᠨ ᠰᠤᠷᠭᠠᠯ》ᠭᠡᠳᠡᠭ ᠨᠣᠮ ᠬᠡᠪᠯᠡᠭᠦᠯᠵᠦ᠂ 2018 ᠣᠨ ᠳ᠋ᠤ᠌《20 ᠳ᠋ᠤᠭᠠᠷ ᠵᠠᠭᠤᠨ ᠤ᠋ ᠣᠢᠷᠠᠳ ᠮᠣᠩᠭᠣᠯ ᠲᠤᠭᠤᠵᠢᠰ ᠤ᠋ᠨ ᠰᠤᠳᠤᠯᠤᠯ》( 5 ᠪᠣᠳᠢ ) ᠢ ᠡᠷᠬᠢᠯᠡᠨ ᠨᠠᠢᠷᠠᠭᠤᠯᠵᠤ ᠬᠡᠪᠯᠡᠭᠦᠯᠪᠡ᠃  
       ᠣᠢᠷᠠᠳ ᠰᠣᠶᠣᠯ ᠤ᠋ᠨ ᠭᠠᠪᠢᠶᠠᠲᠤ ᠵᠢᠳᠬᠦᠯᠲᠡᠨ ᠫᠷᠣᠹᠧᠰᠰᠣᠷ ᠴᠠ‍ · ᠴᠤᠢᠳᠠᠨᠳᠠᠷ᠂ 2013 ᠣᠨ ᠠ᠋ᠴᠠ ᠨᠠᠭᠠᠰᠢ ᠮᠠᠯᠵᠢᠬᠤ ᠮᠣᠩᠭᠣᠯ ᠨᠤᠲᠤᠭ ᠲᠤ᠌ ᠣᠯᠠᠨᠲᠠ ᠰᠢᠨᠵᠢᠯᠡᠯ ᠬᠢᠵᠦ ᠪᠤᠭᠤᠷᠤᠯᠴᠤᠳ ᠠ᠋ᠴᠠ ᠳᠠᠬᠢᠨ ᠰᠤᠷᠤᠯᠴᠠᠵᠤ᠂ ᠵᠠᠯᠠᠭᠤᠴᠤᠳ ᠲᠤ᠌ ᠵᠣᠷᠢᠭᠤᠯᠤᠨ《ᠮᠣᠩᠭᠣᠯ ᠤᠬᠠᠭᠠᠨ ᠬᠢᠭᠡᠳ ᠥᠨᠥ ᠶ᠋ᠢᠨ ᠮᠣᠩᠭᠣᠯᠴᠤᠳ》᠂《ᠮᠣᠩᠭᠣᠯ ᠤᠯᠠᠮᠵᠢᠯᠠᠯᠲᠤ ᠭᠡᠷ ᠦ᠋ᠨ ᠬᠥᠮᠦᠵᠢᠯ ᠬᠢᠭᠡᠳ ᠥᠨᠥ ᠶ᠋ᠢᠨ ᠠᠰᠠᠭᠤᠳᠠᠯ》 ᠵᠡᠷᠭᠡ ᠰᠡᠳᠦᠪ ᠢ᠋ᠶ᠋ᠡᠷ 30 ᠭᠠᠷᠤᠢ ᠤᠳᠠᠭᠠᠨ ᠤ᠋ ᠲᠠᠢᠯᠤᠨ ᠬᠢᠴᠢᠶᠡᠯ ᠬᠢᠵᠦ ᠰᠣᠶᠣᠨ ᠭᠡᠭᠡᠷᠡᠭᠦᠯᠬᠦ ᠦᠢᠯᠡᠰ ᠲᠦ᠍ ᠦᠢᠯᠡᠴᠢᠯᠡᠵᠦ ᠶᠠᠪᠤᠭ᠎ᠠ᠃ 

         ᠴᠠ‍ · ᠴᠤᠢᠳᠠᠨᠳᠠᠷ ᠤ᠋ᠨ ᠤᠷᠠᠨ ᠪᠢᠴᠢᠯᠭᠡ