ᠠᠯᠭᠠᠰᠠᠯ-ᠰᠡᠢᠨ᠎ᠡАлгасал-Сийна ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠭᠠᠰᠠᠯ-ᠰᠡᠢᠨ᠎ᠡАлгасал-Сийна

ᠠᠯᠭᠠᠰᠠᠯ-ᠰᠡᠢᠨ᠎ᠡАлгасал-Сийна

ᠠᠩᠭᠢᠯᠠᠯ:ᠳᠠᠭᠤᠤ ᠬᠥᠭᠵᠢᠮ
2024-04-06

334

ᠠᠯᠭᠠᠰᠠᠯ

   ᠦᠭᠡ ᠠᠶ᠎ᠠ᠄ ᠰᠡᠢᠨ᠎ᠡ 
   MIDI ᠬᠥᠭᠵᠢᠮ᠄ ᠦᠢᠯᠡᠰ 
   ᠰᠡᠢᠨ᠎ᠡ ᠳᠠᠭᠤᠯᠠᠨ᠎ᠠ 
ᠴᠡᠩᠬᠡᠷᠯᠡᠨ ᠴᠡᠩᠬᠡᠷᠯᠡᠬᠦ ᠨᠠᠭᠤᠷ ᠤ᠋ᠨ ᠤᠰᠤᠨ ᠳ᠋ᠤ᠌ ᠮᠢᠨᠢ 
ᠴᠠᠭ ᠤ᠋ᠨ ᠥᠩᠭᠡ ᠨᠢ ᠵᠠᠮᠬᠠᠷᠠᠭᠠᠳ ᠪᠠᠢᠬᠤ ᠶᠤᠮ᠃  
ᠴᠡᠩᠭᠡᠯᠲᠦ ᠠᠮᠢᠳᠤᠷᠠᠯ ᠤ᠋ᠨ ᠤᠯᠠᠭᠠᠨ ᠲᠣᠭᠣᠰᠣᠨ ᠳᠡᠭᠡᠷ᠎ᠡ 
ᠴᠡᠯᠡᠭᠡᠷ ᠲᠠᠯ᠎ᠠ ᠮᠢᠨᠢ ᠬᠣᠯᠠᠳᠠᠭᠠᠳ ᠪᠠᠢᠬᠤ ᠶᠤᠮ᠃ 
ᠬᠣᠯᠠ ᠠ᠋ᠴᠠ ᠬᠠᠷᠠᠭᠳᠠᠬᠤ ᠣᠪᠣᠭ᠎ᠠ ᠬᠠᠢᠷᠬᠠᠳ ᠮᠢᠨᠢ 
ᠬᠤᠪᠢᠷᠠᠰᠢ ᠦᠭᠡᠢ ᠢᠲᠡᠭᠡᠯ ᠰᠡᠢᠯᠦᠭᠡᠳ ᠪᠠᠢᠬᠤ ᠶᠤᠮ᠃
ᠬᠣᠩᠭᠣᠷ ᠬᠣᠶᠠᠷ ᠤ᠋ᠨ ᠬᠠᠢᠷ᠎ᠠ ᠶ᠋ᠢᠨ ᠠᠶᠠᠰ ᠲᠠᠭᠠᠨ 
ᠬᠣᠯᠠ ᠶ᠋ᠢᠨ ᠠᠶᠠᠨ ᠣᠢᠷᠠᠲᠤᠭᠠᠳ ᠪᠠᠢᠬᠤ ᠶᠤᠮ᠃
ᠡᠩᠭᠡᠷᠯᠡᠨ ᠡᠩᠭᠡᠷᠯᠡᠬᠦ ᠡᠯᠡᠰᠦ ᠮᠠᠩᠬᠠᠳ ᠮᠢᠨᠢ 
ᠡᠪ ᠦ᠋ᠨ ᠳᠠᠭᠤᠤ ᠪᠠᠨ ᠠᠶᠠᠯᠤᠭᠠᠳ ᠪᠠᠢᠬᠤ ᠶᠤᠮ᠃
ᠡᠩᠰᠡᠷᠡᠵᠦ ᠪᠣᠰᠬᠤ ᠮᠢᠨᠦ ᠰᠡᠳᠬᠢᠯ ᠳ᠋ᠦ᠍
ᠡᠨᠡ ᠪᠦᠬᠦᠨ ᠠᠯᠭᠠᠰᠠᠯ ᠪᠣᠯᠬᠤ ᠶᠤᠮ᠃

   ᠦᠰᠦᠭ ᠠᠮᠢᠯᠠᠭᠤᠯᠤᠭᠴᠢ᠄ ᠪᠠᠳᠠᠷᠠᠯᠲᠤ
   ᠦᠰᠦᠭ ᠬᠠᠲᠠᠵᠤ ᠬᠢᠨᠠᠭᠴᠢ᠄ ᠬᠠᠷᠠᠭᠳᠠᠨ ᠷ᠂ ᠴᠢᠷᠮᠠᠢᠯᠳᠣ