ᠮᠢᠩᠭᠠᠨ ᠬᠣᠲᠠ – ᠴᠣ ᠂ ᠣᠷᠱᠤᠨ Мянган хот – – Чо᠂ Оршин
ᠮᠢᠩᠭᠠᠨ ᠬᠣᠲᠠ
ᠮᠢᠩᠭ᠎ᠠ ᠪᠠᠷ ᠬᠣᠲᠠᠯᠠᠳᠠᠭ ᠬᠣᠨᠢᠨ ᠤ᠋
ᠮᠢᠩᠭ᠎ᠠ ᠮᠢᠩᠭᠠᠨ ᠤ᠋ ᠪᠠᠭᠤᠴᠠ
ᠬᠤᠵᠢᠷᠲᠠᠢ ᠲᠣᠭᠣᠷᠢᠮ ᠤ᠋ᠨ ᠲᠥᠭᠥᠷᠢᠭ ᠨᠢ
ᠬᠣᠲᠠ ᠲᠠᠢ ᠬᠣᠨᠢᠨ ᠤ᠋ ᠪᠠᠭᠤᠴᠠ ᠭᠡᠪᠡ ᠤᠤ?
ᠬᠤᠨ ᠲᠠᠷᠬᠠᠭᠰᠠᠨ ᠰᠢᠯᠢ ᠨᠢ
ᠬᠣᠨᠢᠨ ᠰᠦᠷᠦᠭ ᠦ᠋ᠨ ᠪᠡᠯᠴᠢᠭᠡᠷ ᠭᠡᠪᠡ ᠤᠤ?
ᠥᠰᠬᠦ ᠮᠠᠯ ᠤ᠋ᠨ ᠵᠢᠰᠦ ᠲᠡᠭᠰᠢ
ᠦᠷᠡᠵᠢᠵᠦ ᠥᠰᠦᠭᠰᠡᠨ ᠭᠠᠵᠠᠷ ᠭᠡᠪᠡ ᠤᠤ?
ᠥᠭᠡᠳᠡ ᠲᠡᠢ ᠠᠢᠯ ᠤ᠋ᠨ ᠦᠭᠡ ᠨᠡᠢᠴᠡᠭ
ᠥᠪ ᠭᠣᠯᠣᠮᠲᠠ ᠶ᠋ᠢᠨ ᠰᠠᠭᠤᠷᠢ ᠭᠡᠪᠡ ᠤᠤ?
ᠮᠠᠢᠯᠠᠭᠠᠳ ᠲᠣᠷᠨᠢᠳᠠᠭ ᠰᠦᠷᠦᠭ ᠦ᠋ᠨ ᠢ᠋ᠶ᠋ᠡᠨ
ᠮᠢᠩᠭ᠎ᠠ ᠮᠢᠩᠭᠠᠨ ᠬᠣᠲᠠ ᠭᠡᠨ᠎ᠡ ᠤᠤ?
ᠮᠠᠯ ᠢ᠋ᠶ᠋ᠠᠨ ᠠᠷᠠᠴᠢᠯᠠᠳᠠᠭ ᠲᠦᠮᠡᠨ ᠦ᠌
ᠮᠠᠨᠳᠤᠵᠤ ᠳᠡᠭᠵᠢᠷᠡᠭᠰᠡᠨ ᠨᠤᠲᠤᠭ ᠭᠡᠨ᠎ᠡ ᠤᠤ?
ᠠᠭᠢ ᠪᠠᠷ ᠬᠥᠷᠥᠰᠥᠯᠡᠭᠰᠡᠨ ᠥᠯᠥᠭᠡᠢ ᠳ᠋ᠦ᠍
ᠠᠷᠭᠠᠯ ᠬᠣᠷᠭᠣᠯ ᠤ᠋ᠨ ᠦᠯᠡᠳᠡᠰᠦ ᠲᠡᠢ
ᠠᠮᠢᠰᠬᠤᠯ ᠳᠠᠭᠠᠯᠠᠭᠰᠠᠨ ᠬᠥᠲᠥᠯ ᠳ᠋ᠦ᠍
ᠠᠮᠢᠳᠤᠷᠠᠯ ᠡᠭᠡᠨᠡᠭᠰᠢᠭᠰᠡᠨ ᠴᠤᠤᠷᠠᠢ ᠲᠠᠢ
ᠰᠢᠲᠦᠵᠦ ᠮᠥᠷᠥᠭᠡᠳᠳᠡᠭ ᠨᠤᠲᠤᠭ ᠲᠠᠭᠠᠨ
ᠰᠢᠯᠦᠭ ᠢ᠋ᠶ᠋ᠡᠨ ᠪᠢ ᠰᠠᠴᠤᠨᠠᠮ!
ᠰᠢᠵᠢᠷ ᠢ᠋ᠶ᠋ᠡᠷ ᠥᠩᠭᠡᠯᠡᠭᠰᠡᠨ ᠲᠠᠯ᠎ᠠ ᠳ᠋ᠠᠭᠠᠨ
ᠰᠢᠷᠬᠡᠭ ᠡᠪᠡᠰᠦ ᠨᠢ ᠴᠤ᠌ ᠪᠣᠯᠤᠨᠠᠮ!
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 28
