ᠬᠠᠷ᠎ᠠ ᠵᠡᠭᠡᠷᠭᠡᠨ᠎ᠡХар зээргэнэ ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠵᠡᠭᠡᠷᠭᠡᠨ᠎ᠡХар зээргэнэ

ᠬᠠᠷ᠎ᠠ ᠵᠡᠭᠡᠷᠭᠡᠨ᠎ᠡХар зээргэнэ

2024-04-06

344

ᠬᠠᠷ᠎ᠠ ᠵᠡᠭᠡᠷᠭᠡᠨ᠎ᠡ( ᠮᠣᠷᠢᠨ ᠵᠡᠭᠡᠷᠭᠡᠨ᠎ᠡ)

               ᠵᠡᠭᠡᠷᠭᠡᠨ᠎ᠡ ᠶ᠋ᠢᠨ ᠢᠵᠠᠭᠤᠷ 
         ᠰᠢᠯᠤᠭᠤᠨ ᠤᠷᠭᠤᠬᠤ ᠪᠠᠭ᠎ᠠ ᠪᠤᠲᠠ ᠮᠣᠳᠣ᠂1m ᠣᠷᠴᠢᠮ ᠥᠨᠳᠥᠷ ᠪᠥᠭᠡᠳ ᠳᠤᠭᠤᠢᠷᠠᠭ ᠤᠷᠭᠤᠭᠰᠠᠨ ᠪᠤᠶᠤ ᠴᠢᠭᠲᠠᠯᠠᠨ ᠤᠷᠭᠤᠭᠰᠠᠨ ᠣᠯᠠᠨ ᠨᠠᠷᠢᠨ ᠰᠠᠯᠠᠭ᠎ᠠ ᠮᠥᠴᠢᠷ ᠲᠡᠢ᠂᠃ ᠵᠢᠵᠢᠭ ᠮᠥᠴᠢᠷ ᠨᠢ ᠬᠥᠬᠡᠪᠲᠦᠷ ᠨᠣᠭᠣᠭᠠᠨ ᠪᠤᠶᠤ ᠰᠢᠷᠠᠪᠲᠤᠷ ᠨᠣᠭᠣᠭᠠᠨ᠂ ᠦᠷ᠎ᠡ ᠶ᠋ᠢᠨ ᠬᠣᠭᠣᠷᠣᠨᠳᠣᠬᠢ ᠵᠠᠢ ᠨᠢ1—3cm ᠤᠷᠲᠤ᠃ ᠨᠠᠪᠴᠢ ᠨᠢ ᠬᠠᠢᠷᠰᠤ ᠰᠢᠭ᠋᠂ ᠴᠢᠭᠲᠠᠯᠠᠨ ᠤᠷᠭᠤᠨ᠎ᠠ᠂1.5—2mm ᠤᠷᠲᠤ᠂ ᠤᠭ ᠨᠢ ᠬᠦᠷᠡᠩ ᠥᠩᠭᠡᠲᠡᠢ ᠪᠥᠭᠡᠳ ᠬᠠᠷᠢᠯᠴᠠᠨ ᠨᠡᠢᠯᠡᠭᠡᠳ ᠬᠣᠭᠣᠯᠠᠢ ᠰᠢᠭ᠋ ᠪᠣᠯᠵᠤ ᠵᠥᠪᠬᠡᠨ ᠣᠷᠣᠢ ᠳ᠋ᠠᠭᠠᠨ ᠰᠠᠯᠤᠩᠭᠢ ᠪᠠᠢᠳᠠᠭ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ᠃ ᠡᠷ᠎ᠡ ᠪᠠᠭ ᠴᠡᠴᠡᠭ ᠨᠢ ᠥᠨᠳᠡᠭᠡᠯᠵᠢᠨ ᠪᠥᠮᠪᠥᠭᠡᠯᠢᠭ᠂ ᠭᠠᠭᠴᠠᠭᠠᠷ ᠪᠤᠶᠤ2—4 ᠪᠡᠷ ᠮᠥᠴᠢᠷ ᠦ᠋ᠨ ᠦᠶ᠎ᠡ ᠳᠡᠭᠡᠷ᠎ᠡ ᠪᠥᠭᠡᠮᠨᠡᠷᠡᠨ ᠤᠷᠭᠤᠨ᠎ᠠ᠂3—4 ᠬᠣᠣᠰ ᠤᠭ ᠢ᠋ᠶ᠋ᠠᠷ ᠢ᠋ᠶ᠋ᠠᠨ ᠨᠡᠢᠯᠡᠭᠰᠡᠨ ᠪᠠᠭᠯᠠᠭᠴᠢ ᠲᠠᠢ᠂ ᠡᠷ᠎ᠡ ᠴᠡᠴᠡᠭ ᠨᠢ6—8 ᠡᠷ᠎ᠡ ᠲᠣᠭᠣᠷᠴᠣᠭ ᠲᠠᠢ᠃
ᠳᠣᠬᠢᠭᠤᠷ ᠨᠢ ᠪᠦᠷ ᠨᠡᠢᠯᠡᠵᠡᠢ᠃ ᠡᠮ᠎ᠡ ᠪᠠᠭ ᠴᠡᠴᠡᠭ ᠨᠢ ᠮᠥᠴᠢᠷ ᠦ᠋ᠨ ᠦᠶ᠎ᠡ ᠳᠡᠭᠡᠷ᠎ᠡ ᠶᠡᠷᠦ ᠳ᠋ᠡᠭᠡᠨ ᠬᠣᠣᠰ ᠬᠣᠣᠰ ᠢ᠋ᠶ᠋ᠠᠷ ᠤᠷᠭᠤᠨ᠎ᠠ᠂ ᠤᠭ ᠢ᠋ᠶ᠋ᠠᠷ ᠢ᠋ᠶ᠋ᠠᠨ ᠬᠠᠷᠢᠯᠴᠠᠨ ᠨᠡᠢᠯᠡᠭᠰᠡᠨ2—3 ᠬᠣᠣᠰ ᠪᠠᠭᠯᠠᠭᠴᠢ ᠲᠠᠢ᠂1—2 ᠡᠮ᠎ᠡ ᠴᠡᠴᠡᠭ ᠲᠡᠢ ᠪᠠ ᠲᠡᠭᠦᠨ ᠦ᠌ ᠦᠷ᠎ᠡ ᠨᠠᠬᠢᠶ᠎ᠠ ᠶ᠋ᠢᠨ ᠪᠦᠷᠬᠦᠭᠦᠯ ᠦ᠋ᠨ ᠬᠣᠭᠣᠯᠠᠢ ᠨᠢ2mn ᠤᠷᠲᠤ ᠪᠥᠭᠡᠳ ᠮᠤᠷᠤᠢ ᠶᠤᠮ᠃ ᠡᠮ᠎ᠡ ᠪᠠᠭ ᠴᠡᠴᠡᠭ ᠨᠢ ᠪᠣᠯᠪᠰᠤᠷᠠᠪᠠᠯ ᠲᠡᠭᠦᠨ ᠦ᠌ ᠪᠠᠭᠯᠠᠭᠴᠢ ᠨᠢ ᠮᠢᠬᠠᠯᠢᠭᠵᠢᠭᠤᠨ ᠵᠢᠮᠢᠰ ᠮᠡᠲᠦ ᠪᠣᠯᠤᠨ᠎ᠠ᠂ ᠡᠨᠡ ᠬᠦ᠌ ᠥᠨᠳᠡᠭᠡᠯᠵᠢᠨ ᠬᠡᠯᠪᠡᠷᠢ ᠲᠡᠢ᠂ ᠤᠯᠠᠭᠠᠨ᠂8—10mm ᠤᠷᠲᠤ ᠪᠥᠭᠡᠳ ᠨᠢᠭᠡ ᠦᠷ᠎ᠡ ᠲᠡᠢ᠂ ᠳ᠋ᠢᠶᠠᠮᠧᠲ᠋ᠷ ᠨᠢ4—5mm᠃ ᠦᠷ᠎ᠡ ᠨᠢ ᠭᠢᠯᠠᠭᠠᠷ᠂ ᠬᠠᠷᠠᠪᠲᠤᠷ ᠪᠣᠷᠣ᠂ ᠤᠷᠲᠤᠪᠲᠤᠷ ᠵᠤᠤᠪᠠᠩ ᠪᠥᠭᠡᠳ ᠳᠡᠭᠡᠳᠦ ᠬᠡᠰᠡᠭ ᠲᠡᠭᠡᠨ ᠢᠷᠮᠡᠭ ᠲᠡᠢ᠃
             ᠴᠢᠯᠠᠭᠤᠯᠢᠭ ᠡᠭᠴᠡ ᠬᠠᠵᠠᠭᠤ᠂ ᠭᠠᠩ ᠬᠠᠭᠤᠷᠠᠢ ᠠᠭᠤᠯᠠᠨ ᠭᠠᠵᠠᠷ᠂ ᠭᠣᠣ ᠰᠤᠪᠠᠭ ᠤ᠋ᠨ ᠬᠥᠪᠡᠭᠡ᠂ ᠬᠠᠳᠠ ᠴᠢᠯᠠᠭᠤᠨ ᠤ᠋ ᠵᠠᠪᠰᠠᠷ᠂
ᠲᠣᠭᠲᠠᠪᠤᠷᠢᠵᠢᠭᠰᠠᠨ ᠡᠯᠡᠰᠦ ᠬᠢᠭᠡᠳ ᠰᠢᠷᠭᠢᠮᠡᠯ ᠭᠣᠣᠯ ᠤ᠋ᠨ ᠬᠣᠲᠣᠭᠣᠷ ᠢ᠋ᠶ᠋ᠠᠷ ᠤᠷᠭᠤᠨ᠎ᠠ᠃
              ᠮᠠᠨ ᠤ᠋ ᠤᠯᠤᠰ ᠤ᠋ᠨ ᠥᠪᠥᠷ ᠮᠣᠩᠭᠣᠯ᠂ ᠰᠢᠨᠵᠢᠶᠠᠩ᠂ ᠾᠧᠪᠧᠢ᠂ ᠱᠠᠨ ᠰᠢ᠂ᠱᠠᠨᠰᠢ᠂ ᠾᠧᠨᠠᠨ᠂ ᠭᠠᠨᠰᠦ᠂ ᠰᠧᠴᠤᠸᠠᠨ᠂ ᠬᠥᠬᠡᠨᠠᠭᠤᠷ ᠵᠡᠷᠭᠡ ᠮᠣᠵᠢ ᠣᠷᠣᠨ ᠢ᠋ᠶ᠋ᠠᠷ ᠤᠷᠭᠤᠳᠠᠭ᠃
              ᠡᠰᠢ᠂ ᠦᠨᠳᠦᠰᠦ ᠨᠢ ᠡᠮ ᠳ᠋ᠦ᠍ ᠣᠷᠣᠨ᠎ᠠ᠃ ᠲᠤᠰ ᠤᠷᠭᠤᠮᠠᠯ ᠪᠣᠯ ᠶᠡᠬᠡ ᠬᠣᠣᠷᠲᠠᠢ ᠶᠤᠮ᠃ ᠡᠯᠡᠰᠦ ᠶ᠋ᠢ ᠲᠣᠭᠲᠠᠭᠠᠬᠤ ᠤᠷᠭᠤᠮᠠᠯ ᠪᠣᠯᠭᠠᠵᠤ ᠪᠣᠯᠤᠨ᠎ᠠ᠃
 ᠬᠢᠲᠠᠳ ᠨᠡᠷ᠎ᠡ᠄木贼麻黄
ᠠᠩᠭ᠌ᠯᠢ ᠨᠡᠷ᠎ᠡ᠄Ephedra equistina Bung

                   ᠦᠰᠦᠭ ᠠᠮᠢᠯᠠᠭᠤᠯᠤᠭᠴᠢ᠄ ᠫᠣ· ᠴᠠᠭᠠᠨ
                   ᠬᠢᠨᠠᠭᠴᠢ᠄ ᠲᠤᠶᠠᠭ᠎ᠠ