ᠳᠣᠮᠪᠣ ᠲᠣᠯᠣᠭᠠᠢ ᠳᠤ – ᠴᠣ ᠂ ᠣᠷᠱᠤᠨ Домбо толгойд –Чо ᠂ Оршин
ᠳᠣᠮᠪᠣ ᠲᠣᠯᠣᠭᠠᠢ ᠳᠤ
ᠳᠤᠭᠠᠩ ᠰᠦᠮ᠎ᠡ ᠶ᠋ᠢᠨ ᠪᠠᠭᠤᠷᠢ
ᠲᠣᠷᠭ᠎ᠠ ᠬᠤᠴᠢᠭᠰᠠᠨ ᠲᠠᠯ᠎ᠠ ᠶ᠋ᠢᠨ
ᠲᠣᠰᠣ ᠬᠠᠯᠭᠢᠭᠰᠠᠨ ᠬᠣᠭᠣᠯᠠᠢ ᠳ᠋ᠤ᠌᠂
ᠳᠤᠭᠠᠩ ᠰᠦᠮ᠎ᠡ ᠶ᠋ᠢᠨ ᠪᠠᠭᠤᠷᠢ ᠲᠠᠢ
ᠳᠣᠮᠪᠣ ᠲᠣᠯᠣᠭᠠᠢ ᠬᠠᠷᠠᠭᠳᠠᠳᠠᠭ᠃
ᠡᠷᠲᠡ ᠳᠡᠭᠡᠳᠦ ᠶ᠋ᠢᠨ ᠦᠶ᠎ᠡ ᠪᠡᠷ
ᠡᠨᠡ ᠯᠡ ᠭᠠᠯᠪᠠ ᠶ᠋ᠢᠨ ᠡᠬᠢᠨ ᠳ᠋ᠦ᠍
ᠯᠤᠤ ᠬᠡᠪᠲᠡᠭᠰᠡᠨ ᠵᠣ ᠶ᠋ᠢᠨ
ᠯᠤᠲᠠ ᠲᠥᠮᠪᠥᠭᠡᠷ ᠳᠣᠪᠣ ᠳ᠋ᠤ᠌
ᠦᠬᠡᠷᠴᠢᠨ ᠳᠣᠮᠪᠣ ᠡᠪᠦᠭᠡᠨ
ᠡᠷᠦᠬᠡ ᠭᠡᠷ ᠢ᠋ᠶ᠋ᠡᠨ ᠣᠷᠣᠮᠯᠠᠵᠤ᠂
ᠥᠩ ᠮᠠᠯ ᠢ᠋ᠶ᠋ᠠᠨ ᠥᠰᠬᠡᠨ
ᠥᠨᠢᠷ ᠵᠢᠷᠭᠠᠵᠤ ᠪᠠᠢᠪᠠ᠃
ᠲᠡᠷᠡ ᠦᠶ᠎ᠡ ᠡᠴᠡ ᠡᠬᠢᠯᠡᠵᠦ
ᠳᠣᠮᠪᠣ ᠲᠣᠯᠣᠭᠠᠢ ᠪᠠᠷ ᠨᠠᠷᠠᠰᠢᠵᠠᠢ᠂
ᠲᠡᠭᠦᠨ ᠡᠴᠡ ᠬᠣᠢᠰᠢ ᠦᠶᠡᠰ
ᠰᠦᠮ᠎ᠡ ᠪᠣᠰᠬᠠᠵᠤ ᠰᠢᠲᠦᠵᠡᠢ᠃
ᠣᠨ ᠵᠢᠯ ᠤᠳᠠᠭᠰᠠᠨ ᠴᠤ᠌
ᠣᠷᠴᠢᠯᠠᠩ ᠭᠡᠭᠴᠢ ᠬᠡᠪ ᠲᠡᠭᠡᠨ
ᠣᠪᠣᠢᠵᠤ ᠬᠠᠷᠠᠭᠳᠠᠬᠤ ᠪᠠᠭᠤᠷᠢ ᠨᠢ
ᠣᠷᠣ ᠮᠥᠷ ᠯᠡ ᠳᠠᠷᠤᠢ᠃
ᠦᠬᠡᠷᠴᠢᠨ ᠡᠪᠦᠭᠡᠨ ᠦ᠌ ᠪᠠᠭᠤᠴᠠᠨ ᠳ᠋ᠤ᠌
ᠦᠨᠡᠲᠦ ᠡᠷᠳᠡᠨᠢ ᠨᠢ ᠶᠠᠭᠤ ᠪᠣᠯ?
ᠥᠨᠳᠥᠷᠯᠡᠵᠦ ᠰᠦᠨᠳᠡᠷᠯᠡᠭᠰᠡᠨ ᠬᠡᠢᠳ ᠲᠤ
ᠥᠷᠲᠡᠭ ᠬᠡᠳᠦᠢ ᠣᠷᠣᠭ᠎ᠠ ᠪᠣᠯ?
ᠪᠠᠯᠪᠠᠷᠠᠵᠤ ᠰᠦᠢᠷᠡᠭᠰᠡᠨ ᠰᠦᠮ᠎ᠡ ᠳ᠋ᠦ᠍
ᠪᠠᠯᠢᠩ ᠪᠠᠷᠢᠬᠤ ᠶ᠋ᠢ ᠰᠠᠨᠠᠭ᠎ᠠ ᠦᠭᠡᠢ᠂
ᠪᠠᠢᠭᠤᠯᠵᠤ ᠴᠣᠭᠴᠠᠯᠠᠭᠰᠠᠨ ᠬᠥᠳᠡᠯᠮᠦᠷᠢ ᠶ᠋ᠢ
ᠪᠠᠳᠠᠭᠯᠠᠵᠤ ᠳᠤᠷᠠᠰᠤᠨ ᠬᠦᠨᠳᠦᠯᠡᠨ᠎ᠡ!
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 27
