ᠵᠠᠮ ᠤᠨ ᠬᠥᠳᠡᠯᠭᠡᠭᠡᠨ ᠦ ᠳᠦᠷᠢᠮЗамын хөдөлгөөний дүрэм ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠮ ᠤᠨ ᠬᠥᠳᠡᠯᠭᠡᠭᠡᠨ ᠦ ᠳᠦᠷᠢᠮЗамын хөдөлгөөний дүрэм

ᠵᠠᠮ ᠤᠨ ᠬᠥᠳᠡᠯᠭᠡᠭᠡᠨ ᠦ ᠳᠦᠷᠢᠮЗамын хөдөлгөөний дүрэм

ᠵᠠᠮ ᠤ᠋ᠨ ᠬᠥᠳᠡᠯᠭᠡᠭᠡᠨ ᠦ᠌ ᠳᠦᠷᠢᠮ

ᠰᠠᠢᠨ ᠤᠤ? ᠬᠡᠦᠬᠡᠳ ᠦ᠋ᠳ ᠠ᠋᠂ ᠭᠦᠦᠭᠡᠢ ᠵᠠᠮ ᠤ᠋ᠨ ᠬᠥᠳᠡᠯᠭᠡᠭᠡᠨ ᠦ᠌ ᠳᠦᠷᠢᠮ ᠢ᠋ᠶ᠋ᠡᠨ ᠦᠷᠭᠦᠯᠵᠢ ᠪᠠᠷᠢᠮᠲᠠᠯᠠᠳᠠᠭ᠃ ᠨᠣᠭᠣᠭᠠᠨ ᠭᠡᠷᠡᠯ ᠠᠰᠠᠭ᠎ᠠ ᠦᠭᠡᠢ ᠲᠣᠬᠢᠶᠠᠯᠳᠤᠯ ᠳ᠋ᠤ᠌ ᠭᠠᠷᠴᠠ ᠠ᠋ᠴᠠ ᠨᠢᠭᠡ ᠠᠯᠬᠤᠮ ᠤ᠋ᠨ ᠵᠠᠢ ᠳ᠋ᠤ᠌ ᠵᠣᠭᠰᠣᠵᠤ ᠬᠦᠯᠢᠶᠡᠵᠦ ᠪᠠᠢᠭᠠᠷᠠᠢ᠃ ᠵᠠ! ᠤᠯᠠᠭᠠᠨ ᠭᠡᠷᠡᠯ ᠪᠣᠯ ᠶᠠᠪᠤᠬᠤ ᠶ᠋ᠢ ᠬᠣᠷᠢᠭᠯᠠᠭᠰᠠᠨ᠂ ᠨᠣᠭᠣᠭᠠᠨ ᠭᠡᠷᠡᠯ ᠪᠣᠯ ᠭᠠᠷᠴᠠ ᠪᠠᠷ ᠭᠠᠷᠴᠤ ᠪᠣᠯᠤᠨ᠎ᠠ ᠭᠡᠰᠡᠨ ᠳᠣᠬᠢᠶ᠎ᠠ᠃ ᠵᠠᠮ ᠬᠥᠨᠳᠡᠯᠡᠨ ᠭᠠᠷᠬᠤ ᠳ᠋ᠤ᠌ ᠪᠠᠨ ᠡᠬᠢᠯᠡᠭᠡᠳ ᠵᠡᠭᠦᠨ ᠲᠠᠢᠰᠢ ᠪᠠᠨ᠂ ᠪᠠᠰᠠ ᠲᠡᠭᠡᠭᠡᠳ ᠳᠠᠷᠠᠭ᠎ᠠ ᠨᠢ ᠪᠠᠷᠠᠭᠤᠨ ᠲᠠᠢᠰᠢ ᠪᠠᠨ ᠬᠠᠷᠠᠵᠤ ᠪᠠᠢᠭᠠᠷᠠᠢ᠃ ᠵᠠ! ᠬᠡᠷᠪᠡ ᠵᠠᠮ ᠬᠥᠨᠳᠡᠯᠡᠨ ᠭᠠᠷᠴᠤ ᠪᠠᠢᠬᠤ ᠳ᠋ᠤ᠌ ᠤᠯᠠᠭᠠᠨ ᠭᠡᠷᠡᠯ ᠭᠡᠨᠡᠳᠲᠡ ᠠᠰᠠᠬᠤ ᠶᠤᠮ ᠪᠣᠯ ᠵᠠᠮ ᠤ᠋ᠨ ᠭᠤᠯᠳᠤ ᠪᠠᠢᠷᠢᠯᠠᠬᠤ ᠵᠢᠷᠤᠭᠠᠰᠤ ᠳᠡᠭᠡᠷ᠎ᠡ ᠵᠣᠭᠰᠣᠨ᠂ ᠨᠣᠭᠣᠭᠠᠨ ᠭᠡᠷᠡᠯ ᠠᠰᠠᠬᠤ ᠶ᠋ᠢ ᠬᠦᠯᠢᠶᠡᠭᠡᠷᠡᠢ᠃ ᠵᠠ᠂ ᠶᠤ᠌! ᠭᠠᠷᠴᠠ ᠦᠭᠡᠢ ᠵᠠᠮ ᠢ᠋ᠶ᠋ᠠᠷ ᠭᠠᠷᠴᠤ ᠭᠦᠶᠦᠵᠦ ᠪᠣᠯᠬᠤ ᠦᠭᠡᠢ ᠰᠢᠦ᠃ ᠮᠠᠰᠢᠨ ᠤ᠋ ᠵᠠᠮ ᠳᠡᠭᠡᠷ᠎ᠡ ᠪᠣᠯᠤᠨ ᠮᠠᠰᠢᠨ ᠤ᠋ ᠵᠠᠮ ᠤ᠋ᠨ ᠣᠢᠷᠠᠯᠴᠠᠭ᠎ᠠ ᠲᠣᠭᠯᠠᠬᠤ ᠨᠢ ᠮᠠᠰᠢ ᠠᠶᠤᠯ ᠲᠠᠢ᠃ ᠪᠣᠯᠬᠤ ᠦᠭᠡᠢ ᠰᠢᠦ! ᠵᠠᠮ ᠤ᠋ᠨ ᠬᠠᠵᠠᠭᠤ ᠲᠠᠯ᠎ᠠ ᠶ᠋ᠢᠨ ᠵᠣᠷᠢᠭᠤᠯᠤᠯᠲᠠ ᠶ᠋ᠢᠨ ᠶᠠᠪᠠᠭᠠᠨ ᠬᠥᠮᠦᠨ ᠦ᠌ ᠵᠠᠮ ᠢ᠋ᠶ᠋ᠠᠷ ᠶᠠᠪᠤᠵᠤ ᠪᠠᠢᠭᠠᠷᠠᠢ᠃ ᠵᠠ! ᠬᠡᠷᠪᠡ ᠨᠦᠬᠡᠨ ᠭᠠᠷᠴᠠ ᠪᠠᠢᠪᠠᠯ ᠲᠡᠭᠦᠨ ᠢ᠋ᠶ᠋ᠡᠷ ᠵᠠᠪᠠᠯ ᠬᠥᠨᠳᠡᠯᠡᠨ ᠭᠠᠷᠤᠭᠠᠷᠠᠢ᠃
ᠬᠣᠲᠠ ᠶ᠋ᠢᠨ ᠰᠣᠶᠣᠯ ᠪᠢᠳᠡᠨ ᠡᠴᠡ ᠡᠬᠢᠯᠡᠨ᠎ᠡ᠃
※ ᠠᠷᠤ ᠬᠥᠰᠢᠭᠡᠨ ᠳ᠋ᠡᠬᠢ ᠦᠰᠦᠭ ᠦ᠋ᠳ᠄
ᠨᠡᠢᠰᠯᠡᠯ ᠦ᠋ᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠰᠣᠶᠣᠨ ᠭᠡᠭᠡᠷᠡᠭᠦᠯᠬᠦ ᠲᠠᠰᠤᠭ ᠠ᠋ᠴᠠ ᠦᠵᠡᠭᠦᠯᠵᠦ ᠪᠠᠢᠨ᠎ᠠ ᠃
   ᠦᠰᠦᠭ ᠠᠮᠢᠯᠠᠭᠤᠯᠤᠨ ᠬᠠᠲᠠᠭᠴᠢ᠄ ᠵᠡᠷᠮᠦᠳ ᠸ· ᠥᠯᠵᠡᠢ
   ᠦᠰᠦᠭ ᠬᠢᠨᠠᠭᠴᠢ᠄ ᠤᠷᠠᠨᠲᠠᠨ᠎ᠡ