ᠬᠣᠨᠢᠨ ᠠᠷᠴᠠХонин арц

ᠬᠣᠨᠢᠨ ᠠᠷᠴᠠ
ᠠᠷᠴᠠ ᠶ᠋ᠢᠨ ᠢᠵᠠᠭᠤᠷ
ᠭᠠᠵᠠᠷ ᠳᠡᠭᠡᠷ᠎ᠡ ᠬᠡᠪᠲᠡᠭᠡ ᠤᠷᠭᠤᠬᠤ ᠮᠥᠩᠬᠡ ᠨᠣᠭᠣᠭᠠᠨ ᠪᠤᠲᠠ ᠮᠣᠳᠣ᠂ ᠬᠠᠶᠠ ᠲᠤᠷᠤᠭ ᠮᠣᠳᠣ ᠪᠣᠯᠳᠠᠭ ᠨᠢ ᠪᠣᠢ᠃ ᠨᠠᠪᠴᠢ ᠨᠢ ᠰᠦᠯᠵᠢᠯᠳᠦᠨ ᠴᠢᠭᠲᠠᠯᠠᠵᠤ ᠤᠷᠭᠤᠨ᠎ᠠ᠃ ᠵᠡᠭᠦᠦ ᠬᠡᠯᠪᠡᠷᠢᠲᠦ ᠨᠠᠪᠴᠢ ᠨᠢ ᠶᠡᠷᠦ ᠳ᠋ᠡᠭᠡᠨ ᠵᠠᠯᠠᠭᠤ ᠤᠷᠭᠤᠮᠠᠯ ᠳᠡᠭᠡᠷ᠎ᠡ ᠪᠠᠢᠳᠠᠭ ᠪᠣᠯᠪᠠᠴᠤ ᠵᠠᠷᠢᠮ ᠳ᠋ᠠᠭᠠᠨ ᠢᠳᠡᠷᠬᠡᠭ ᠤᠷᠭᠤᠮᠠᠯ ᠨᠢ ᠴᠦ᠍ ᠴᠥᠭᠡᠨ ᠵᠡᠭᠦᠦ ᠮᠡᠲᠦ ᠨᠠᠪᠴᠢ ᠲᠠᠢ ᠪᠠᠢᠳᠠᠭ᠂ ᠡᠨᠡ ᠬᠦ᠌ ᠨᠠᠪᠴᠢ ᠨᠢ ᠲᠠᠰᠢᠭᠤ ᠪᠠᠷ ᠳᠡᠭᠡᠭᠰᠢ ᠪᠡᠨ ᠤᠷᠭᠤᠨ᠎ᠠ᠂ ᠭᠠᠳᠠᠭᠰᠢ ᠳᠡᠯᠭᠡᠬᠦ ᠦᠭᠡᠢ᠂3—7mm ᠤᠷᠲᠤ᠂ ᠢᠭᠴᠤ ᠪᠠᠢᠷᠢᠯᠠᠨ᠎ᠠ᠃ ᠬᠠᠢᠷᠰᠤᠨ ᠬᠡᠯᠪᠡᠷᠢᠲᠦ ᠨᠠᠪᠴᠢ ᠨᠢ1—2.5mm ᠤᠷᠲᠤ᠂ ᠮᠤᠬᠤᠷ ᠪᠤᠶᠤ ᠵᠢᠭᠠᠬᠠᠨ ᠱᠣᠪᠬᠣ ᠦᠵᠦᠭᠦᠷ ᠲᠡᠢ᠂ ᠵᠢᠭᠠᠰᠤᠨ ᠬᠠᠢᠷᠰᠤ ᠮᠡᠲᠦ ᠢᠬᠴᠤ ᠪᠠᠢᠷᠢᠯᠠᠭᠰᠠᠨ ᠪᠥᠭᠡᠳ ᠠᠷᠤ ᠲᠠᠯ᠎ᠠ ᠶ᠋ᠢᠨ ᠬᠢᠨᠢ ᠳᠤᠮᠳᠠ ᠬᠠᠪᠢ ᠪᠠᠷ ᠵᠤᠤᠪᠠᠩ ᠪᠤᠯᠴᠢᠷᠬᠠᠢ ᠪᠣᠢ᠃ ᠪᠤᠭᠤᠷᠴᠠᠭ ᠨᠢ ᠨᠡᠯᠢᠶᠡᠳ ᠤᠷᠲᠤ ᠮᠥᠷᠲᠡᠭᠡᠨ ᠤᠨᠵᠢᠢᠭᠰᠠᠨ ᠵᠢᠵᠢᠭ ᠮᠥᠴᠢᠷ ᠦ᠋ᠨ ᠣᠷᠣᠢ ᠳ᠋ᠤ᠌ ᠰᠠᠭᠤᠨ᠎ᠠ᠂ ᠡᠮᠬᠢ ᠦᠭᠡᠢ ᠲᠣᠩᠭᠣᠷᠠᠭᠤ ᠥᠨᠳᠡᠭᠡᠯᠵᠢᠨ ᠰᠢᠭ ᠪᠥᠮᠪᠦᠭᠡᠨ ᠬᠡᠯᠪᠡᠷᠢ ᠲᠡᠢ᠂ ᠡᠰᠡᠬᠦᠯ᠎ᠡ ᠪᠠᠷᠤᠭ ᠪᠥᠭᠡᠷᠡᠩᠬᠡᠢ ᠪᠤᠶᠤ ᠥᠨᠳᠡᠭᠡᠯᠵᠢᠨ ᠪᠥᠭᠡᠷᠡᠩᠬᠡᠢ᠂ ᠲᠡᠭᠰᠢᠬᠡᠨ ᠲᠣᠭᠣᠷᠢᠭ ᠪᠤᠶᠤ ᠠᠴᠠ ᠮᠡᠲᠦ ᠣᠷᠣᠢ ᠲᠠᠢ᠂5—9mm ᠤᠷᠲᠤ᠂ ᠪᠣᠯᠪᠠᠰᠤᠷᠠᠪᠠᠯ ᠬᠠᠷᠠᠪᠲᠤᠷ ᠬᠦᠷᠡᠩ ᠪᠤᠶᠤ ᠪᠣᠷᠣᠪᠲᠤᠷ ᠬᠠᠷ᠎ᠠ ᠥᠩᠭᠡᠲᠡᠢ ᠪᠣᠯᠬᠤ ᠪᠥᠭᠡᠳ ᠴᠠᠭᠠᠨ ᠣ ᠲᠠᠢ᠃ ᠦᠷ᠎ᠡ ᠨᠢ1—5( ᠶᠡᠷᠦ ᠳ᠋ᠡᠭᠡᠨ2—3)᠂ ᠵᠢᠭᠠᠬᠠᠨ᠂ ᠬᠠᠪᠲᠠᠭᠠᠢ᠂ ᠥᠨᠳᠡᠭᠡᠯᠵᠢᠨ ᠪᠥᠭᠡᠷᠡᠩᠬᠡᠢ ᠪᠣᠯᠪᠠᠴᠤ ᠨᠢᠷᠤᠭᠤᠯᠠᠭᠰᠠᠨ ᠢᠷᠮᠡᠭ ᠲᠡᠢ᠂ ᠪᠠᠬᠠᠨ ᠴᠥᠭᠡᠬᠡᠨ ᠬᠡᠳᠦᠨ ᠮᠣᠳᠣᠨ ᠤ᠋ ᠪᠣᠬᠢ ᠶ᠋ᠢᠨ ᠬᠣᠪᠢᠯ ᠲᠠᠢ᠃
ᠳᠠᠯᠠᠢ ᠶ᠋ᠢᠨ ᠲᠦᠪᠰᠢᠨ ᠡᠴᠡ ᠳᠡᠭᠡᠭᠰᠢ1200—2800m ᠥᠨᠳᠥᠷ ᠭᠠᠵᠠᠷ ᠤ᠋ᠨ ᠡᠯᠡᠰᠦᠷᠬᠡᠭ ᠬᠥᠷᠥᠰᠥ ᠪᠤᠶᠤ ᠬᠠᠢᠷ ᠴᠢᠯᠠᠭᠤᠲᠤ ᠭᠠᠩ ᠬᠠᠭᠤᠷᠠᠢ ᠠᠭᠤᠯᠠ᠂ ᠣᠢ ᠮᠣᠳᠣᠨ ᠳᠣᠲᠣᠷ᠎ᠠ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠰᠢᠨᠵᠢᠶᠠᠩ᠂ ᠬᠥᠬᠡᠨᠠᠭᠤᠷ᠂ ᠭᠠᠨᠰᠦ᠂ ᠱᠠᠨᠰᠢ᠂ ᠵᠡᠷᠭᠡ ᠮᠣᠵᠢ ᠣᠷᠣᠨ ᠢ᠋ᠶ᠋ᠠᠷ ᠤᠷᠭᠤᠳᠠᠭ᠃ ᠬᠥᠷᠥᠰᠥ ᠰᠢᠷᠣᠢ ᠶ᠋ᠢ ᠬᠠᠮᠠᠭᠠᠯᠠᠬᠤ ᠪᠤᠶᠤ ᠡᠯᠡᠰᠦ ᠶ᠋ᠢ ᠲᠣᠭᠲᠠᠪᠤᠷᠢᠵᠢᠭᠤᠯᠬᠤ ᠪᠤᠲᠠ ᠮᠣᠳᠣ ᠮᠥᠨ᠃ ᠨᠠᠪᠴᠢ ᠮᠥᠴᠢᠷ ᠲᠦ᠋ᠨᠢ ᠳᠡᠭᠳᠡᠮᠡᠬᠡᠢ ᠲᠣᠰᠣ ᠪᠣᠢ᠂ ᠪᠠᠰᠠ ᠡᠮ ᠳ᠋ᠦ᠍ ᠣᠷᠣᠨ᠎ᠠ᠃
ᠬᠢᠲᠠᠳ ᠨᠡᠷ᠎ᠡ᠄沙地柏
ᠠᠩᠭ᠌ᠯᠢ ᠨᠡᠷ᠎ᠡ᠄Sabina vulgaris Ant
ᠦᠰᠦᠭ ᠠᠮᠢᠯᠠᠭᠤᠯᠤᠭᠴᠢ᠄ ᠫᠣ· ᠴᠠᠭᠠᠨ
ᠬᠢᠨᠠᠭᠴᠢ᠄ ᠲᠤᠶᠠᠭ᠎ᠠ
