ᠭᠠᠭᠴᠠᠬᠠᠨ ᠠᠭᠤᠯᠵᠠᠭᠠᠳ ᠲᠡᠪᠡᠷᠢᠭᠦᠯᠬᠦ ᠰᠠᠨ- ᠯ ∙ ᠪᠠᠨᠽᠠᠷᠠᠭᠴᠢГанцхан уулзаад тэврүүлэхсэн -Л.Банзрагч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠭᠴᠠᠬᠠᠨ ᠠᠭᠤᠯᠵᠠᠭᠠᠳ ᠲᠡᠪᠡᠷᠢᠭᠦᠯᠬᠦ ᠰᠠᠨ- ᠯ ∙ ᠪᠠᠨᠽᠠᠷᠠᠭᠴᠢГанцхан уулзаад тэврүүлэхсэн -Л.Банзрагч

ᠭᠠᠭᠴᠠᠬᠠᠨ ᠠᠭᠤᠯᠵᠠᠭᠠᠳ ᠲᠡᠪᠡᠷᠢᠭᠦᠯᠬᠦ ᠰᠠᠨ- ᠯ ∙ ᠪᠠᠨᠽᠠᠷᠠᠭᠴᠢГанцхан уулзаад тэврүүлэхсэн -Л.Банзрагч

ᠠᠩᠭᠢᠯᠠᠯ:ᠳᠠᠭᠤᠤ ᠬᠥᠭᠵᠢᠮ
2024-04-04

1768

ᠭᠠᠭᠴᠠᠬᠠᠨ ᠠᠭᠤᠯᠵᠠᠭᠠᠳ ᠲᠡᠪᠡᠷᠢᠭᠦᠯᠬᠦ ᠰᠠᠨ

   ᠦᠭᠡ᠄ ᠪᠡ᠊· ᠪᠠᠲᠤᠰᠦ᠋ᠬᠡ
   ᠠᠶ᠎ᠠ᠄ ᠪᠡ᠊ ᠫᠦᠷᠪᠦᠰᠦ᠋ᠷᠦᠩ
   ᠳᠠᠭᠤᠴᠢᠨ᠄ ᠯ ᠪᠠᠨᠽᠠᠷᠠᠭᠴᠢ

ᠰᠠᠢᠬᠠᠨ ᠠᠪᠤ ᠶ᠋ᠢ ᠪᠡᠨ ᠰᠠᠨᠠᠭᠠᠳ ᠯᠠ ᠠᠰᠬᠠᠷᠠᠲᠠᠯ᠎ᠠ ᠣᠬᠢᠯᠠᠳᠠᠭ ᠳᠠ 
ᠰᠠᠭᠠᠬᠠᠯᠲᠠ ᠶ᠋ᠢᠨ ᠴᠠᠭᠠᠨ᠎ᠠ ᠠ᠋ᠴᠠ ᠬᠦᠯᠢᠶᠡᠵᠦ ᠤᠳᠠᠭᠠᠨ ᠵᠣᠭᠰᠣᠳᠠᠭ ᠳᠠ
ᠡᠵᠡᠨ ᠦᠭᠡᠢ ᠦᠯᠡᠳᠡᠭᠰᠡᠨ ᠳᠡᠪᠡᠯ ᠢ᠋ ᠨᠢ ᠨᠥᠮᠥᠷᠦᠭᠡᠳ ᠰᠠᠭᠤᠬᠤ ᠪᠠᠷ ᠲᠠᠢᠪᠤᠰᠢᠷᠠᠬᠤ ᠶᠤᠮ
ᠡᠯᠡᠰᠦᠲᠦ ᠮᠠᠩᠬᠠᠨ ᠤ᠋ ᠦᠵᠦᠭᠦᠷ ᠡᠴᠡ ᠠᠯᠬᠤᠭᠠᠳ ᠢᠷᠡᠳᠡᠭ ᠴᠦ᠍ ᠪᠣᠯᠤᠭᠠᠰᠠᠢ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ 
ᠰᠡᠳᠬᠢᠯ ᠤᠶᠠᠰᠬᠠᠭᠠᠳ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ

ᠬᠠᠢᠷᠠᠲᠠᠢ ᠠᠪᠤ ᠶ᠋ᠢ ᠪᠡᠨ ᠳᠤᠷᠠᠰᠤᠭᠠᠳ ᠯᠠ ᠨᠢᠯᠪᠤᠰᠤ ᠪᠠᠨ ᠠᠷᠴᠢᠳᠠᠭ ᠳᠠ
ᠬᠠᠴᠢᠨ ᠶᠡᠬᠡ ᠪᠡᠷ ᠰᠠᠨᠠᠭᠠᠰᠢᠷᠠᠨ ᠨᠡᠷ᠎ᠡ ᠶ᠋ᠢ ᠨᠢ ᠳᠠᠭᠤᠳᠠᠳᠠᠭ ᠳᠠ 
ᠡᠪᠬᠡᠭᠡᠳ ᠣᠷᠬᠢᠭᠰᠠᠨ ᠪᠦᠰᠡ ᠶ᠋ᠢ ᠨᠢ ᠳᠡᠷᠡᠯᠡᠭᠡᠳ ᠤᠨᠲᠠᠬᠤ ᠪᠠᠷ ᠠᠭᠤᠵᠢᠷᠠᠬᠤ ᠶᠤᠮ
ᠡᠵᠢ ᠶ᠋ᠢᠨ ᠮᠢᠨᠢ ᠴᠠᠢ ᠶ᠋ᠢ ᠤᠤᠭᠤᠬᠤ ᠪᠠᠷ ᠡᠷᠭᠢᠭᠡᠳ ᠢᠷᠡᠳᠡᠭ ᠴᠦ᠍ ᠪᠣᠯᠤᠭᠠᠰᠠᠢ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ 
ᠰᠡᠳᠬᠢᠯ ᠤᠶᠠᠰᠬᠠᠭᠠᠳ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ

ᠵᠦᠢᠳᠡᠯ ᠦᠭᠡᠢ ᠲᠡᠭᠷᠢ ᠶ᠋ᠢᠨ ᠠᠭᠤᠳᠠᠮ ᠳ᠋ᠠᠬᠢ ᠣᠳᠣᠳ ᠤ᠋ᠨ ᠴᠢᠭᠤᠯᠭᠠᠨ ᠠ᠋ᠴᠠ
ᠵᠡᠭᠦᠳᠦᠨ ᠳ᠋ᠦ᠍ ᠬᠦᠦ ᠳ᠋ᠦ᠍ ᠪᠡᠨ ᠢᠷᠡᠨ᠎ᠡ ᠭᠡᠵᠦ ᠮᠠᠨᠠᠵᠤ ᠬᠣᠨᠣᠳᠠᠭ ᠳᠠ
ᠨᠤᠲᠤᠭ ᠤ᠋ᠨ ᠪᠤᠭᠤᠷᠤᠯ ᠬᠥᠭᠰᠢᠴᠦᠦᠯ ᠠᠳᠠᠯᠢᠬᠠᠨ ᠬᠠᠷᠠᠭᠳᠠᠭᠠᠳ ᠰᠡᠮᠡᠷᠡᠬᠦ ᠶᠦᠮ
ᠨᠢᠷᠤᠭᠤ ᠲᠠᠢ ᠶᠠᠪᠤᠭᠰᠠᠨ ᠠᠪᠤ ᠮᠢᠨᠢ ᠲᠣᠰᠤᠭᠠᠳ ᠢᠷᠡᠳᠡᠭ ᠴᠦ᠍ ᠪᠣᠯᠤᠭᠠᠰᠠᠢ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ 
ᠰᠡᠳᠬᠢᠯ ᠤᠶᠠᠰᠬᠠᠭᠠᠳ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ 
ᠰᠡᠳᠬᠢᠯ ᠤᠶᠠᠰᠬᠠᠭᠠᠳ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ

   ᠦᠰᠦᠭ ᠠᠮᠢᠯᠠᠭᠤᠯᠵᠤ ᠬᠠᠲᠠᠭᠰᠠᠨ ᠨᠢ᠄ ᠳ᠋ᠠᠰᠢᠨᠢᠮ᠎ᠠ
   ᠬᠢᠨᠠᠭᠴᠢ᠄ ᠠᠯᠲᠠᠨᠴᠢᠮᠡᠭ ᠳᠠᠪᠰᠢᠯᠳᠤ ᠬᠠᠳᠠᠪᠠᠭᠠᠲᠤᠷ ᠤᠯᠠᠭᠠᠨ ᠭᠠᠷᠮ᠎ᠠ