ᠰᠥᠮᠪᠥᠷ ᠣᠪᠣᠭ᠎ᠠ – ᠴᠣ ᠂ ᠣᠷᠱᠤᠨ Сүмбэр овоо – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠥᠮᠪᠥᠷ ᠣᠪᠣᠭ᠎ᠠ – ᠴᠣ ᠂ ᠣᠷᠱᠤᠨ Сүмбэр овоо – Чо ᠂ Оршин

ᠰᠥᠮᠪᠥᠷ ᠣᠪᠣᠭ᠎ᠠ – ᠴᠣ ᠂ ᠣᠷᠱᠤᠨ Сүмбэр овоо – Чо ᠂ Оршин

2024-04-03

274

ᠰᠥᠮᠪᠥᠷ ᠣᠪᠣᠭ᠎ᠠ


              ᠴᠣ· ᠣᠷᠱᠤᠨ   

 ᠥᠷᠭᠡᠨ ᠲᠦᠮᠡᠨ ᠦ᠌ ᠲᠠᠬᠢᠯᠭ᠎ᠠ   
 ᠥᠨᠳᠥᠷ ᠣᠪᠣᠭ᠎ᠠ ᠶ᠋ᠢᠨ ᠡᠭᠦᠰᠦᠯ 
 ᠨᠠᠮᠵᠢᠷ ᠸᠠᠩᠲᠠᠨ ᠲᠤᠶᠠᠭ᠎ᠠ ᠲᠠᠢ 
 ᠨᠠᠢ᠍ᠮᠠᠨ ᠵᠣᠪᠬᠢᠰ ᠨᠢ ᠲᠡᠭᠰᠢᠬᠡᠨ᠂ 
 ᠨᠠᠷᠠᠨ ᠰᠠᠷᠠᠨ ᠤ᠋ ᠭᠡᠷᠡᠯ ᠲᠡᠢ 
 ᠨᠠᠮᠬᠠᠨ ᠳᠡᠨᠵᠢ ᠨᠢ ᠠᠭᠤᠳᠠᠮᠬᠠᠨ᠃ 
 ᠡᠷᠲᠡ ᠳᠡᠭᠡᠳᠦ ᠦᠶ᠎ᠡ ᠳ᠋ᠦ᠍ 
 ᠰᠤᠮᠤᠨ ᠨᠤᠲᠤᠭ ᠤ᠋ᠨ ᠭᠠᠵᠠᠷ 
 ᠡᠳᠦᠭᠡ ᠴᠠᠭ ᠤ᠋ᠨ ᠡᠷᠡᠨ ᠳ᠋ᠦ᠍ 
 ᠰᠣᠯᠣᠩᠭ᠎ᠠ ᠲᠠᠲᠠᠭᠰᠠᠨ ᠣᠷᠣᠨ᠃ 
 ᠴᠣᠬᠣᠯᠠᠭᠰᠠᠨ ᠣᠯᠠᠨ ᠲᠦᠮᠡᠨ ᠲᠡᠢ  
 ᠴᠣᠯ ᠭᠦᠯᠦ ᠴᠠᠭᠠᠨ ᠬᠣᠰᠢᠭᠤ ① ᠶ᠋ᠢᠨ 
 ᠰᠤᠮᠤ ᠨᠢᠭᠤᠳ ② ᠡᠬᠢᠯᠡᠬᠦ᠂ 
 ᠰᠤᠳᠤᠷ ᠲᠠᠮᠠᠭ᠎ᠠ ᠶ᠋ᠢᠨ ᠦᠶᠡᠰ 
 ᠭᠠᠵᠠᠷ ᠰᠢᠨᠵᠢᠭᠴᠢ ᠪᠡᠨ ᠲᠣᠮᠢᠯᠠᠵᠤ 
 ᠭᠠᠩᠭᠠᠩ ᠬᠣᠯᠠ ᠪᠠᠨ ᠶᠡᠭᠦᠯᠡᠨ᠂ 
 ᠭᠠᠨᠵᠤᠭ᠎ᠠ ᠬᠡᠢᠰᠬᠡᠨ ᠮᠣᠷᠳᠠᠵᠤ 
 ᠭᠠᠯᠪᠠ ᠶ᠋ᠢ ᠬᠡᠭᠡᠷᠡᠯᠡᠨ ᠲᠣᠭᠣᠷᠢᠭᠠᠳ 
 ᠤᠷᠭᠤᠬᠤ ᠨᠠᠷᠠ ᠶ᠋ᠢ ᠤᠭᠲᠤᠵᠤ 
 ᠠᠭᠤᠯᠠ ᠤᠰᠤ ᠶ᠋ᠢ ᠬᠠᠢᠵᠤ 
 ᠤᠳᠤᠮ ᠤᠭᠰᠠᠭ᠎ᠠ ᠪᠠᠨ ᠵᠠᠯᠭᠠᠬᠤ 
 ᠤᠤᠭᠠᠨ ᠪᠣᠢᠭᠤᠨ ③ ᠢ᠋ᠶ᠋ᠠᠨ ᠡᠷᠢᠨ᠃ 
 ᠲᠡᠷᠭᠡᠯ ᠰᠠᠷᠠ ᠶ᠋ᠢ ᠤᠭᠲᠤᠵᠤ 
 ᠲᠠᠯ᠎ᠠ ᠶ᠋ᠢᠨ ᠭᠣᠣᠯ ᠳ᠋ᠤ᠌ ᠬᠦᠷᠪᠡ᠂ 
 ᠳᠠᠰᠬᠠᠨ④ ᠤ᠋ ᠨᠢᠭᠡᠨ ᠠᠢᠯ ᠳ᠋ᠤ᠌ 
 ᠲᠠᠭᠠᠷᠠᠵᠤ ᠬᠣᠨᠣᠭᠯᠠᠬᠤ ᠪᠣᠯᠪᠠ᠃ 
 ᠦᠷ ᠬᠠᠶᠠᠭᠠᠷᠠᠵᠤ ᠪᠠᠢᠬᠤ ᠳ᠋ᠤ᠌ 
 ᠡᠷᠦᠬᠡ ᠪᠡᠷ ᠰᠢᠪᠡᠷᠡᠵᠦ ᠡᠬᠢᠯᠡᠯ᠎ᠡ 
 ᠦᠷᠭᠡᠯᠡᠵᠦ ᠪᠠᠢᠭᠰᠠᠨ ᠭᠠᠵᠠᠷᠴᠢ 
 ᠥᠨᠳᠡᠢᠨ ᠪᠣᠰᠴᠤ ᠭᠠᠷᠤᠯ᠎ᠠ᠃ 
 ᠬᠤᠵᠢᠷᠲᠤ ᠬᠣᠭᠣᠯᠠᠢ ᠶ᠋ᠢᠨ ᠳᠤᠮᠳᠠ 
 ᠬᠣᠶᠠᠷ ᠠᠵᠢᠷᠭ᠎ᠠ ᠨᠣᠴᠣᠯᠳᠤᠬᠤ ᠰᠢᠭ᠋ 
 ᠬᠣᠯᠠ ᠶ᠋ᠢᠨ ᠲᠡᠷᠲᠡᠭᠡ ᠳᠠᠯᠠᠩ ᠳᠡᠭᠡᠷ᠎ᠡ 
 ᠬᠤᠷ᠎ᠠ ᠴᠢᠳᠬᠤᠯᠠᠨ ᠰᠢᠷᠦᠭᠦᠰᠬᠦ ᠰᠢᠭ 
 ᠭᠠᠷᠠᠬᠠᠯᠠᠬᠤ ᠨᠠᠷᠠᠨ ᠤ᠋ ᠰᠠᠴᠤᠷᠠᠭ ᠲᠤ  
 ᠭᠠᠯᠪᠢᠩᠭ᠎ᠠ ᠲᠡᠪᠡᠷᠢᠭᠰᠡᠨ ᠯᠤᠤ ᠭᠡᠮᠡᠷ 
 ᠭᠠᠵᠠᠷ ᠤ᠋ᠨ ᠲᠦᠪᠰᠢᠨ ᠡᠴᠡ ᠰᠠᠳᠠᠷᠠᠭᠰᠠᠨ 
 ᠭᠠᠢᠬᠠᠮᠰᠢᠭᠲᠤ ᠶᠧᠯᠸᠢ ᠶ᠋ᠢᠨ ᠤᠪᠠᠳᠢᠰ  
 ᠬᠦᠳᠡᠩ ᠮᠠᠨᠠᠨ ᠬᠥᠰᠢᠭᠡᠯᠡᠭᠡᠳ  
 ᠪᠤᠶᠠᠨᠲᠤ ᠶ᠋ᠢᠨ ᠲᠠᠯ᠎ᠠ ᠰᠦᠮᠡᠯᠵᠡᠨ᠎ᠡ  
 ᠪᠤᠯᠠᠭ ᠣᠨᠴᠠᠷᠠᠨ ᠣᠷᠭᠢᠯᠤᠭᠠᠳ  
 ᠪᠤᠮᠠᠨ ᠴᠡᠴᠡᠭ ᠨᠠᠢᠭᠤᠨ᠎ᠠ᠃ 
 ᠮᠠᠭᠠᠳᠯᠠᠵᠤ ᠨᠠᠷᠢᠯᠢᠭ ᠬᠠᠷᠠᠪᠠᠯ  
 ᠮᠢᠩᠭ᠎ᠠ ᠬᠣᠷᠢᠨ ᠣᠷᠭᠢᠯᠤᠭ᠎ᠠ ⑤ 
 ᠮᠢᠷᠠᠯᠵᠠᠨ ᠭᠠᠩᠬᠤᠬᠤ ᠪᠡᠯᠴᠢᠭᠡᠷ ᠲᠤ 
 ᠮᠢᠩᠭᠠᠨ ᠤᠷᠭᠤᠮᠠᠯ ᠤ᠋ᠨ ᠭᠠᠩᠬᠤᠭ᠎ᠠ  
 ᠡᠩ ᠳᠡᠯᠡᠬᠡᠢ ᠶ᠋ᠢᠨ ᠪᠠᠶᠠᠯᠢᠭ ᠲᠤ 
 ᠢᠩᠭᠢᠵᠦ ᠨᠤᠲᠤᠭ ᠢ᠋ᠶ᠋ᠠᠨ ᠰᠢᠨᠵᠢᠪᠡ 
 ᠡᠷᠬᠢᠮᠯᠡᠵᠦ ᠪᠡᠯᠭᠡ ᠪᠣᠳᠣᠵᠤ 
 ᠡᠬᠢ ᠪᠤᠯᠠᠭ ᠢ᠋ ᠨᠢ ᠴᠦᠩᠴᠡᠭᠯᠡᠪᠡ 
 ᠲᠠᠪᠤᠨ ᠬᠣᠰᠢᠭᠤ ᠮᠠᠯ ᠮᠢᠨᠢ 
 ᠲᠠᠯ᠎ᠠ ᠶ᠋ᠢ ᠪᠦᠷᠬᠦᠨ ᠢᠳᠡᠰᠢᠯᠡᠭᠰᠡᠨ  
 ᠲᠠᠩᠰᠤᠭ ᠪᠠᠶᠠᠨ ᠠᠮᠢᠳᠤᠷᠠᠯ  ᠮᠢᠨᠢ 
 ᠲᠠᠷᠠᠭ ᠠᠢᠷᠠᠭ ᠢ᠋ᠶ᠋ᠠᠷ ᠰᠦᠩᠨᠡᠭᠳᠡᠭᠰᠨ 
 ᠣᠷᠣᠨ ᠨᠤᠲᠤᠭ ᠤ᠋ᠨ ᠮᠢᠨᠢ ᠴᠢᠮᠬᠢ ᠰᠢᠷᠣᠢ ᠴᠤ᠌
 ᠤᠤᠭᠠᠨ ᠲᠩᠷᠢ ᠶ᠋ᠢᠨ ᠪᠤᠶᠠᠨ ᠶᠤᠮ᠂ 
 ᠤᠤᠭᠠᠨ ᠲᠩᠷᠢ ᠶ᠋ᠢᠨ ᠪᠤᠶᠠᠨ ᠴᠤ᠌ 
 ᠤᠭᠤᠷᠠᠭ ᠲᠠᠷᠢᠬᠢᠨ ᠤ᠋ ᠰᠢᠲᠦᠭᠡ ᠶᠦᠮ᠃ 


- - - - 
① ᠭᠦᠯᠦ ᠴᠠᠭᠠᠨ ᠬᠣᠰᠢᠭᠤ— ᠴᠠᠪ ᠴᠠᠭᠠᠨ ᠲᠤᠭ ᠪᠦᠬᠦᠢ ᠬᠣᠰᠢᠭᠤ ᠨᠤᠲᠤᠭ ᠪᠣᠯᠤᠨ᠎ᠠ᠂ ᠣᠳᠣ ᠶ᠋ᠢᠨ ᠵᠡᠭᠦᠨ ᠬᠤᠰᠢᠭᠤᠨ ᠤ᠋ ᠲᠠᠷᠭᠤᠨᠨᠠᠭᠤᠷ᠂ ᠰᠢᠨᠠᠪᠤᠯᠠᠭ ᠭᠤᠷᠪᠠᠨ ᠰᠤᠮᠤ᠂ ᠠᠮᠤᠭᠤᠯᠠᠩᠪᠤᠯᠠᠭ ᠰᠤᠮᠤ ᠲᠤᠬᠠᠢ ᠶ᠋ᠢᠨ ᠦᠶ᠎ᠡ ᠳ᠋ᠦ᠍ ᠪᠠᠭᠲᠠᠨ᠎ᠠ᠃ 
② ᠰᠤᠮᠤ ᠨᠢᠭᠤᠳ— ᠰᠤᠮᠤᠨ ᠵᠠᠬᠢᠷᠭ᠎ᠠ ᠨᠤᠭᠤᠳ᠃ 
③ ᠪᠣᠢᠭᠤᠨ— ᠡᠷᠦᠬᠡ ᠠᠮᠠ 
④ ᠳᠠᠰᠬᠠᠨ— ᠵᠡᠭᠦᠨ ᠬᠣᠰᠢᠭᠤ᠃ 
⑤ ᠮᠢᠩᠭ᠎ᠠ ᠬᠣᠷᠢᠨ ᠤᠷᠭᠢᠯᠤᠭ᠎ᠠ— ᠪᠤᠯᠠᠭ ᠤ᠋ᠨ ᠣᠪᠣᠭᠠᠨ ᠤ᠋ ᠡᠭᠦᠰᠦᠯ ᠳ᠋ᠦ᠍1020 ᠪᠤᠯᠠᠭ ᠣᠷᠭᠢᠯᠵᠤ ᠪᠠᠢᠭᠰᠠᠨ ᠪᠠ ᠡᠬᠢ ᠪᠤᠯᠠᠭ ᠤ᠋ᠨ ᠬᠢᠨᠢ ᠳᠡᠷᠭᠡᠳᠡ ᠰᠤᠮᠤᠨ ᠣᠪᠣᠭ᠎ᠠ ᠪᠠᠨ ᠪᠤᠰᠬᠠᠵᠤ ᠲᠠᠬᠢᠵᠠᠢ᠃ 

 ᠢᠷᠡᠯᠲᠡ᠄ ᠴᠣ᠂ ᠣᠷᠱᠤᠨ ᠤ᠋《 ᠮᠠᠯᠴᠢᠨ ᠬᠥᠮᠦᠨ ᠦ᠌ ᠳᠠᠭᠤᠤ》 ᠭᠡᠳᠡᠭ ᠰᠢᠯᠦᠭ ᠦ᠋ᠨ ᠲᠡᠭᠦᠪᠦᠷᠢ ᠡᠴᠡ ᠡᠰᠢᠯᠡᠪᠡ᠃

    ᠦᠰᠦᠭ ᠠᠮᠢᠯᠠᠭᠤᠯᠤᠭᠴᠢ᠄  ᠪᠠᠶᠠᠷᠴᠡᠴᠡᠭ   
          2024 03 26