ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠮᠦ᠋‍ ᠂ ᠨᠠᠶᠠᠨᠲᠠᠢ Шинэ дундад улсын уран бичлэгдэд -<1>1949 оноос өмнө мэндэлсэд - Мө᠂Наянтай ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠮᠦ᠋‍ ᠂ ᠨᠠᠶᠠᠨᠲᠠᠢ Шинэ дундад улсын уран бичлэгдэд -<1>1949 оноос өмнө мэндэлсэд - Мө᠂Наянтай

ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠮᠦ᠋‍ ᠂ ᠨᠠᠶᠠᠨᠲᠠᠢ Шинэ дундад улсын уран бичлэгдэд -<1>1949 оноос өмнө мэндэлсэд - Мө᠂Наянтай

ᠠᠩᠭᠢᠯᠠᠯ:ᠤᠷᠠᠨ ᠪᠢᠴᠢᠯᠭᠡ
2024-04-03

870

<ᠨᠢᠭᠡ>1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠳᠡᠳ

- ᠮᠦ᠋‍ ᠂ ᠨᠠᠶᠠᠨᠲᠠᠢ Мө᠂Наянтай


        ᠮᠥ᠋‍ · ᠨᠠᠶᠠᠨᠲᠠᠢ ᠂ ᠡᠷᠡᠭᠲᠡᠢ᠂ ᠮᠣᠩᠭᠣᠯ  ᠦᠨᠳᠦᠰᠦᠲᠡᠨ᠂ 1943 ᠣᠨ ᠳ᠋ᠤ᠌ ᠥᠪᠥᠷ ᠮᠣᠩᠭᠣᠯ ᠤ᠋ᠨ ᠴᠠᠬᠠᠷ ᠤ᠋ᠨ ᠭᠦᠯᠦ ᠤᠯᠠᠭᠠᠨ ᠬᠤᠰᠢᠭᠤᠨ ᠤ᠋ ᠠᠪᠠᠭᠠᠢᠲᠣ ᠭᠠᠴᠠᠭᠠᠨ ᠳ᠋ᠤ᠌ ᠲᠥᠷᠥᠵᠡᠢ᠃ ᠳᠥᠷᠪᠡᠨ ᠨᠠᠰᠤᠲᠠᠢ ᠳ᠋ᠤᠨᠢ ᠠᠪᠤ ᠨᠢ ᠪᠡᠶ᠎ᠡ ᠦᠷᠡᠭᠳᠡᠵᠦ᠂ ( ᠠᠪᠤ ᠶ᠋ᠢ ᠨᠢ ᠮᠥᠩᠬᠡᠵᠢᠷᠭᠠᠯ ᠭᠡᠳᠡᠭ᠂ ᠥᠪᠥᠷ ᠮᠣᠩᠭᠣᠯ ᠤ᠋ᠨ ᠡᠷᠲᠡ ᠦᠶ᠎ᠡ ᠶ᠋ᠢᠨ ᠬᠤᠪᠢᠰᠬᠠᠯᠴᠢ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠥᠳᠡᠯᠭᠡᠭᠡᠨ ᠦ᠌ ᠬᠣᠯᠪᠣᠭᠠᠲᠤ ᠬᠤᠷᠠᠯ ᠢ᠋ ᠳᠠᠭᠠᠭᠠᠨ ᠡᠷᠬᠢᠯᠡᠵᠦ᠂ ᠪᠠᠶᠠᠨᠨᠠᠭᠤᠷ ᠤᠯᠠᠭᠠᠨᠴᠠᠪ ᠤ᠋ᠨ ᠠᠵᠢᠯᠯᠠᠬᠤ ᠵᠥᠪᠯᠡᠯ ᠦ᠋ᠨ ᠤᠯᠤᠰ ᠲᠥᠷᠥ ᠶ᠋ᠢᠨ ᠬᠡᠯᠲᠡᠰ ᠦ᠋ᠨ ᠡᠷᠬᠢᠯᠡᠭᠴᠢ᠂ ᠥᠪᠥᠷ ᠮᠣᠩᠭᠣᠯ ᠤ᠋ᠨ ᠮᠣᠷᠢᠲᠤ ᠴᠡᠷᠢᠭ ᠦ᠋ᠨ ᠪᠠᠶᠠᠨᠨᠠᠭᠤᠷ ᠤᠯᠠᠭᠠᠨᠴᠠᠪ ᠤ᠋ᠨ ᠶᠡᠬᠡ ᠠᠩᠭᠢ ᠶ᠋ᠢᠨ ᠳᠠᠷᠤᠭ᠎ᠠ ᠶ᠋ᠢᠨ ᠲᠤᠰᠢᠶᠠᠯ ᠢ᠋ ᠬᠠᠷᠢᠭᠤᠴᠠᠵᠤ ᠪᠠᠢᠵᠠᠢ ) ᠂ ᠠᠷᠪᠠᠨ ᠬᠣᠶᠠᠷ ᠨᠠᠰᠤᠲᠠᠢ ᠳ᠋ᠤ᠌ ᠪᠠᠨ ᠥᠨᠥᠴᠢᠷᠡᠵᠦ᠂ ᠡᠮᠡᠭᠡ ᠶ᠋ᠢᠨ ᠢ᠋ᠶ᠋ᠡᠨ ᠭᠠᠷ ᠳᠡᠭᠡᠷ᠎ᠡ ᠥᠰᠴᠡᠢ᠃ 1964 ᠣᠨ ᠳ᠋ᠤ᠌ ᠪᠡᠭᠡᠵᠢᠩ ᠦ᠋ᠨ ᠺᠢᠨᠣ᠋ ᠶ᠋ᠢᠨ ᠳᠡᠭᠡᠳᠦ ᠰᠤᠷᠭᠠᠭᠤᠯᠢ ᠶ᠋ᠢᠨ ᠤᠷᠠᠨ ᠵᠢᠷᠤᠭ ᠤ᠋ᠨ ᠵᠢᠷᠤᠭ ᠲᠥᠯᠥᠪᠯᠡᠭᠡ ᠶ᠋ᠢᠨ ᠰᠠᠯᠪᠤᠷᠢ ᠳ᠋ᠤ᠌ ᠰᠢᠯᠭᠠᠭᠳᠠᠨ ᠣᠷᠣᠵᠤ᠂ 1965 ᠣᠨ ᠳ᠋ᠤ᠌ ᠨᠠᠮ ᠳ᠋ᠤ᠌ ᠡᠯᠰᠡᠭᠳᠡᠵᠡᠢ᠃ 1968 ᠣᠨ ᠳ᠋ᠤ᠌ ᠰᠤᠷᠭᠠᠭᠤᠯᠢ ᠪᠠᠨ ᠲᠡᠭᠦᠰᠬᠡᠵᠦ ᠥᠪᠥᠷ ᠮᠣᠩᠭᠣᠯ ᠤ᠋ᠨ ᠺᠢᠨᠣ᠋ ᠦᠢᠯᠡᠳᠪᠦᠷᠢ ᠳ᠋ᠦ᠍ ᠠᠵᠢᠯᠯᠠᠵᠠᠢ᠃  
       ᠤᠯᠤᠰ ᠤ᠋ᠨ ᠨᠢᠭᠡᠳᠦᠭᠡᠷ ᠳᠡᠰ ᠦ᠋ᠨ ᠺᠢᠨᠣ᠋ ᠵᠢᠷᠤᠭᠯᠠᠭᠠᠴᠢ᠂ ᠥᠪᠥᠷ ᠮᠣᠩᠭᠣᠯ ᠤ᠋ᠨ ᠤᠷᠠᠨ ᠵᠢᠷᠤᠭ ᠤ᠋ᠨ ᠨᠡᠢᠭᠡᠮᠯᠢᠭ ᠦ᠋ᠨ ᠭᠡᠰᠢᠭᠦᠨ᠂ ᠥᠪᠥᠷ ᠮᠣᠩᠭᠣᠯ ᠤ᠋ᠨ ᠤᠷᠠᠨ ᠪᠢᠴᠢᠯᠭᠡᠲᠡᠨ ᠦ᠌ ᠨᠡᠢᠭᠡᠮᠯᠢᠭ ᠦ᠋ᠨ ᠭᠡᠰᠢᠭᠦᠨ᠂ ᠳᠤᠮᠳᠠᠳᠤ ᠤᠯᠤᠰ ᠤ᠋ᠨ ᠺᠢᠨᠣ᠋ ᠵᠢᠷᠤᠭᠯᠠᠭᠠᠴᠢᠳ ᠤ᠋ᠨ ᠨᠡᠢᠭᠡᠮᠯᠢᠭ ᠦ᠋ᠨ ᠬᠡᠷᠡᠭ ᠡᠷᠬᠢᠯᠡᠭᠴᠢ᠂ ᠳᠤᠮᠳᠠᠳᠤ ᠤᠯᠤᠰ ᠤ᠋ᠨ ᠺᠢᠨᠣ᠋ ᠶ᠋ᠢᠨ ᠨᠡᠢᠭᠡᠮᠯᠢᠭ ᠦ᠋ᠨ ᠭᠡᠰᠢᠭᠦᠨ᠂ ᠳᠤᠮᠳᠠᠳᠤ ᠤᠯᠤᠰ ᠤ᠋ᠨ ᠷᠠᠳᠢᠣ᠋ ᠲᠧᠯᠸᠢᠰ ᠦ᠋ᠨ ᠬᠡᠯᠲᠡᠰ ᠦ᠋ᠨ ᠤᠷᠠᠨ ᠵᠢᠷᠤᠭᠴᠢᠨ ᠤ᠋ ᠨᠡᠢᠭᠡᠮᠯᠢᠭ ᠦ᠋ᠨ ᠭᠡᠰᠢᠭᠦᠨ᠂ ᠥᠪᠥᠷ ᠮᠣᠩᠭᠣᠯ ᠤ᠋ᠨ ᠴᠠᠬᠠᠷ ᠰᠣᠶᠣᠯ ᠰᠤᠳᠤᠯᠤᠯ ᠤ᠋ᠨ ᠨᠡᠢᠭᠡᠮᠯᠢᠭ ᠦ᠋ᠨ ᠡᠷᠳᠡᠮ ᠰᠢᠨᠵᠢᠯᠡᠭᠡᠨ ᠦ᠌ ᠵᠥᠪᠯᠡᠭᠴᠢ᠃ 
       ᠲᠥᠯᠥᠭᠡᠯᠡᠭᠴᠢ ᠪᠦᠲᠦᠭᠡᠯ ᠦ᠋ᠳ ᠡᠴᠡ ᠳᠤᠷᠠᠳᠪᠠᠯ᠂《ᠱᠠᠩᠳᠤ ᠶ᠋ᠢᠨ ᠭᠣᠣᠯ ᠤ᠋ᠨ ᠬᠥᠪᠡᠭᠡᠨ ᠳ᠋ᠦ᠍》᠂ 《ᠨᠠᠭᠠᠳᠤᠮ ᠤ᠋ᠨ ᠬᠤᠷᠠᠯ》᠂《ᠮᠣᠩᠭᠣᠯ ᠬᠥᠮᠦᠨ ᠦ᠌ ᠵᠠᠩ ᠠᠭᠠᠯᠢ》ᠵᠡᠷᠭᠡ ᠪᠠᠷᠢᠮᠲᠠᠲᠤ ᠺᠢᠨᠣ᠋ ᠶ᠋ᠢᠨ ᠨᠠᠢᠷᠠᠭᠤᠯᠤᠭᠴᠢ᠂ ᠤᠳᠤᠷᠢᠳᠤᠭᠠᠴᠢ᠃ 《ᠡᠵᠢ ᠨᠠᠭᠤᠷ》᠂《ᠰᠢᠨᠡᠬᠡᠨ ᠭᠣᠣᠯ ᠳ᠋ᠠᠬᠢ ᠪᠤᠴᠠᠯᠲᠠ》᠂《ᠦᠦᠷ ᠦ᠋ᠨ ᠴᠣᠯᠮᠣᠨ》᠂《ᠴᠢᠨᠳᠠᠭᠠᠨ ᠴᠠᠭᠠᠨ ᠥᠷᠥᠭᠡ》᠂《ᠭᠠᠩᠭᠠᠩ ᠬᠠᠷ᠎ᠠ》᠂《ᠳᠣᠷᠣᠨ᠎ᠠ ᠪᠤᠴᠠᠭᠰᠠᠨ ᠪᠠᠭᠠᠲᠤᠷ》᠂《ᠲᠠᠪᠤᠨ ᠵᠢᠷᠤᠭᠲᠤ ᠰᠡᠭᠦᠳᠡᠷ》᠂《ᠠᠲᠠᠷ ᠬᠠᠭᠠᠯᠪᠤᠷᠢᠯᠠᠭᠰᠠᠨ ᠤᠯᠠ ᠮᠥᠷ》᠂《ᠰᠣᠯᠢᠶᠠᠲᠤ ᠳᠠᠭᠤᠴᠢᠨ ᠪᠦᠰᠡᠭᠦᠢ》᠂《ᠳ᠋ᠧᠪᠠᠵᠠᠨ ᠤ᠋ ᠵᠠᠮ》᠂《ᠲᠡᠷᠭᠡᠨ ᠥᠷᠲᠡᠭᠡ》᠂《ᠴᠢᠩᠭᠢᠰ ᠬᠠᠭᠠᠨ》᠂《ᠰᠡᠢᠮᠡᠨᠵᠡᠭ᠎ᠠ ᠶ᠋ᠢᠨ ᠬᠦᠦ》ᠵᠡᠷᠭᠡ ᠭᠤᠴᠢᠭᠠᠳ ᠦᠯᠢᠭᠡᠷᠲᠦ ᠺᠢᠨᠣ᠋ ᠶ᠋ᠢᠨ ᠤᠷᠠᠨ ᠵᠢᠷᠤᠭ ᠤ᠋ᠨ  ᠲᠥᠰᠦᠪᠯᠡᠭᠴᠢ᠃ 《ᠲᠡᠷᠭᠡᠨ ᠴᠤᠪᠤᠭ᠎ᠠ ᠶ᠋ᠢᠨ ᠪᠠᠷ᠎ᠠ》᠂《ᠣᠢ ᠰᠢᠭᠤᠢ ᠠ᠋ᠴᠠ ᠭᠠᠷᠤᠭᠰᠠᠨ ᠨᠢ》᠂《ᠲᠠᠯ᠎ᠠ ᠶ᠋ᠢᠨ ᠭᠠᠷᠤᠳᠢ》᠂《ᠡᠷ᠎ᠡ ᠪᠠᠭᠠᠳᠣᠷᠳᠣ ᠴᠢᠨᠣ᠎ᠠ》᠂《ᠵᠠᠯᠠᠭᠤ ᠨᠠᠰᠤᠨ ᠤ᠋ ᠤᠯᠠᠭᠠᠨᠬᠦᠦ》᠂《ᠣᠷᠳᠣᠰ ᠮᠢᠨᠢ》᠂《ᠲᠠᠯ᠎ᠠ ᠶ᠋ᠢᠨ ᠬᠦᠦ — ᠲᠢᠩ ᠪᠠᠭᠠᠲᠤᠷ》᠂《ᠳᠣᠷᠣᠨ᠎ᠠ ᠪᠤᠴᠠᠭᠰᠠᠨ ᠪᠠᠭᠠᠲᠤᠷᠴᠤᠳ》᠂《ᠳᠠᠨᠠᠪᠠᠯ》ᠵᠡᠷᠭᠡ ᠭᠤᠴᠢ ᠭᠠᠷᠤᠢ ᠲᠧᠯᠸᠢᠰ ᠵᠦᠴᠦᠭᠡ ᠶ᠋ᠢᠨ ᠤᠷᠠᠨ ᠵᠢᠷᠤᠭ ᠤ᠋ᠨ ᠶᠡᠷᠦᠩᠬᠡᠢ ᠲᠥᠰᠥᠪᠯᠡᠭᠴᠢ᠂ ᠬᠤᠪᠴᠠᠰᠤ ᠲᠥᠰᠦᠪᠯᠡᠭᠴᠢ᠃  
       《ᠠᠯᠠᠨ ᠬᠢᠳᠤᠬᠤ ᠶ᠋ᠢᠨ ᠴᠠᠭᠠᠵᠠᠯᠠᠯ》᠂《ᠢᠯᠠᠭᠳᠠᠰᠢ ᠦᠭᠡᠢ ᠲᠡᠮᠳᠡᠭᠯᠡᠯ》 ᠦ᠋ᠨ ᠵᠠᠩ ᠦᠢᠯᠡ ᠶ᠋ᠢᠨ ᠵᠥᠪᠯᠡᠭᠴᠢ᠂《ᠵᠧᠦ ᠡᠸᠨ ᠯᠠᠢ ᠪᠣᠯᠤᠨ ᠤᠯᠠᠭᠠᠨᠬᠦᠦ》ᠵᠡᠷᠭᠡ ᠭᠤᠷᠪᠠᠨ ᠵᠠᠭᠤ ᠭᠠᠷᠤᠢ ᠲᠧᠯᠸᠢᠰ ᠵᠦᠴᠦᠭᠡ ᠶ᠋ᠢᠨ ᠶᠡᠷᠦᠩᠬᠡᠢ ᠵᠢᠷᠤᠭᠠᠴᠢ᠂ ᠵᠠᠩ ᠦᠢᠯᠡ ᠶ᠋ᠢᠨ ᠵᠥᠪᠯᠡᠭᠴᠢ ᠶ᠋ᠢ ᠬᠠᠷᠢᠭᠤᠴᠠᠪᠠ᠃  
       ᠡᠭᠦᠨ ᠳ᠋ᠦ᠍《ᠳᠣᠷᠣᠨ᠎ᠠ ᠪᠤᠴᠠᠭᠰᠠᠨ ᠪᠠᠭᠠᠲᠤᠷᠴᠤᠳ》 ᠪᠦᠬᠦ ᠤᠯᠤᠰ ᠤ᠋ᠨ《ᠲᠠᠪᠤ ᠨᠢᠭᠡ ᠢᠨᠵᠧᠨᠧᠷᠢᠩ 》 ᠦ᠋ᠨ ᠰᠢᠯᠢᠳᠡᠭ ᠱᠠᠩᠨᠠᠯ᠂ ᠬᠣᠶᠠᠳᠤᠭᠠᠷ ᠬᠤᠭᠤᠴᠠᠭᠠᠨ ᠤ᠋ ᠴᠥᠭᠡᠨ ᠲᠣᠭᠠᠲᠤ ᠦᠨᠳᠦᠰᠦᠲᠡᠨ ᠦ᠌ ᠺᠢᠨᠣ᠋ ᠶ᠋ᠢᠨ ᠪᠠᠶᠠᠷ ᠤ᠋ᠨ ᠨᠢᠭᠡᠳᠦᠭᠡᠷ ᠳᠡᠰ ᠦ᠋ᠨ ᠱᠠᠩᠨᠠᠯ᠂ ᠪᠦᠬᠦ ᠤᠯᠤᠰ ᠤ᠋ᠨ ᠣᠶᠤᠲᠠᠳ ᠤ᠋ᠨ ᠺᠢᠨᠣ᠋ ᠶ᠋ᠢᠨ ᠨᠠᠭᠠᠳᠤᠮ ᠤ᠋ᠨ ᠬᠠᠮᠤᠭ ᠤ᠋ᠨ ᠰᠢᠯᠢᠳᠡᠭ ᠰᠣᠨᠢᠷᠬᠠᠯ ᠤ᠋ᠨ ᠱᠠᠩᠨᠠᠯ᠂ ᠬᠣᠷᠢᠨ ᠲᠠᠪᠤᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠲᠧᠯᠸᠢᠰ ᠦ᠋ᠨ ᠠᠯᠲᠠᠨ ᠪᠦᠷᠭᠦᠳ ᠱᠠᠩᠨᠠᠯ᠂ ᠤᠷᠠᠨ ᠵᠢᠷᠤᠭ ᠤ᠋ᠨ ᠨᠡᠷ᠎ᠡ ᠳᠡᠪᠰᠢᠭᠦᠯᠦᠯᠲᠡ ᠶ᠋ᠢᠨ ᠱᠠᠩᠨᠠᠯ ᠢ᠋ ᠬᠦᠷᠲᠡᠪᠡ᠃  
       《ᠭᠠᠩᠭᠠᠩ ᠬᠠᠷ᠎ᠠ》ᠨᠢ ᠣᠶᠤᠲᠠᠳ ᠤ᠋ᠨ ᠺᠢᠨᠣ᠋ ᠶ᠋ᠢᠨ ᠨᠠᠭᠠᠳᠤᠮ ᠤ᠋ᠨ ᠬᠠᠮᠤᠭ ᠤ᠋ᠨ ᠰᠢᠯᠢᠳᠡᠭ ᠰᠣᠨᠢᠷᠬᠠᠯ ᠤ᠋ᠨ ᠱᠠᠩᠨᠠᠯ ᠢ᠋ ᠣᠯᠪᠠ᠃ ᠺᠠᠨᠠᠳᠠ ᠶ᠋ᠢᠨ ᠠᠷᠪᠠ ᠶᠢᠰᠦᠳᠦᠭᠡᠷ ᠬᠤᠭᠤᠴᠠᠭᠠᠨ ᠤ᠋ ᠣᠯᠠᠨ ᠤᠯᠤᠰ ᠤ᠋ᠨ ᠺᠢᠨᠣ᠋ ᠶ᠋ᠢᠨ ᠬᠠᠮᠤᠭ ᠤ᠋ᠨ ᠰᠢᠯᠢᠳᠡᠭ ᠺᠢᠨᠣ᠋ ᠤᠷᠠᠯᠢᠭ ᠤ᠋ᠨ ᠱᠠᠩᠨᠠᠯ ᠢ᠋ ᠬᠦᠷᠲᠡᠪᠡ᠃ 
       《 ᠴᠢᠩᠭᠢᠰ ᠬᠠᠭᠠᠨ 》 ᠨᠢ ᠺᠢᠨᠣ᠋ ᠶ᠋ᠢᠨ ᠨᠠᠭᠠᠳᠤᠮ ᠤ᠋ᠨ ᠬᠤᠸᠠ ᠪᠢᠶᠣᠤ ᠱᠠᠩᠨᠠᠯ᠂ ᠰᠢᠯᠢᠳᠡᠭ ᠦᠯᠢᠭᠡᠷᠲᠦ ᠺᠢᠨᠣ᠋ ᠶ᠋ᠢᠨ ᠱᠠᠩᠨᠠᠯ᠂ ᠰᠢᠯᠢᠳᠡᠭ ᠤᠷᠠᠯᠢᠭ ᠤ᠋ᠨ ᠱᠠᠩᠨᠠᠯ᠂ ᠠᠯᠲᠠᠨ ᠪᠦᠷᠭᠦᠳ ᠱᠠᠩᠨᠠᠯ ᠢ᠋ ᠬᠦᠷᠲᠡᠪᠡ᠃ ᠬᠠᠮᠲᠤ ᠠᠵᠢᠯᠲᠠᠳ ᠤ᠋ᠨ ᠢ᠋ᠶ᠋ᠠᠨ ᠳᠤᠮᠳᠠ᠂ ᠰᠢᠨ᠎ᠡ ᠳᠤᠮᠳᠠᠳᠤ ᠤᠯᠤᠰ ᠤ᠋ᠨ ᠠᠩᠬᠠᠳᠠᠭᠴᠢ《 ᠲᠠᠯ᠎ᠠ ᠶ᠋ᠢᠨ ᠰᠣᠳᠣᠨ 》 ᠺᠢᠨᠣ᠋ ᠤᠷᠠᠯᠢᠭᠴᠢᠨ᠂ ᠮᠣᠩᠭᠣᠯ ᠬᠢᠲᠠᠳ ᠬᠡᠯᠡ ᠳ᠋ᠦ᠍ ᠬᠣᠣᠰᠯᠠᠭᠰᠠᠨ ᠮᠣᠩᠭᠣᠯ ᠵᠠᠩ ᠦᠢᠯᠡ ᠶ᠋ᠢᠨ ᠲᠤᠰᠬᠠᠢ ᠮᠡᠷᠭᠡᠵᠢᠯᠲᠡᠨ᠂ ᠡᠷᠳᠡᠮᠲᠡᠨ ᠭᠡᠵᠦ ᠴᠣᠯᠠᠯᠠᠭᠳᠠᠵᠠᠢ᠃ 
       ᠱᠤᠭᠤᠮᠠᠯ ᠪᠦᠲᠦᠭᠡᠯ᠂《ᠴᠢᠩᠭᠢᠰ ᠬᠠᠭᠠᠨ》᠂《ᠴᠠᠬᠠᠷ ᠤ᠋ᠨ ᠰᠦᠨᠡᠰᠦ》᠂《ᠴᠠᠬᠠᠷ ᠵᠠᠰᠠᠯ ᠤ᠋ᠨ ᠡᠭᠦᠳᠡ》᠂《ᠲᠠᠪᠤᠨ ᠬᠣᠰᠢᠭᠤ ᠮᠠᠯ》᠂《ᠮᠣᠩᠭᠣᠯ ᠮᠣᠷᠢ》᠂《ᠮᠠᠨᠳᠤᠬᠠᠢ ᠰᠡᠴᠡᠨ》 ᠭᠡᠬᠦ ᠮᠡᠲᠦ᠃ 
       ᠵᠢᠷᠤᠭ᠂《ᠵᠢᠷᠤᠭ ᠦᠵᠡᠵᠦ ᠦᠰᠦᠭ ᠲᠠᠨᠢᠬᠤ》᠂ ᠪᠦᠬᠦ ᠤᠯᠤᠰ ᠤ᠋ᠨ ᠨᠠᠢ᠍ᠮᠠᠨ ᠮᠣᠵᠢ ᠣᠷᠣᠨ ᠤ᠋ ᠬᠣᠶᠠᠳᠤᠭᠠᠷ ᠳᠡᠰ ᠦ᠋ᠨ ᠱᠠᠩᠨᠠᠯ ᠢ᠋ ᠣᠯᠪᠠ᠃ 
       ᠤᠷᠠᠨ ᠪᠢᠴᠢᠯᠭᠡ᠂ 《ᠮᠣᠩᠭᠣᠯ ᠮᠣᠷᠢ》 ᠨᠢ ᠬᠣᠶᠠᠷ ᠮᠢᠩᠭ᠎ᠠ ᠠᠷᠪᠠᠨ ᠳᠥᠷᠪᠡᠨ ᠣᠨ ᠤ᠋ ᠪᠦᠬᠦ ᠤᠯᠤᠰ ᠤ᠋ᠨ ᠤᠷᠠᠨ ᠪᠢᠴᠢᠯᠭᠡ ᠶ᠋ᠢᠨ ᠤᠷᠤᠯᠳᠤᠭᠠᠨ ᠳ᠋ᠤ᠌ ᠠᠯᠲᠠᠨ ᠮᠸᠲᠠᠯ ᠬᠦᠷᠲᠡᠪᠡ᠃  
       ᠳᠦᠷᠰᠦᠲᠦ ᠦᠰᠦᠭ 《 ᠮᠣᠷᠢ 》 ᠨᠢ ᠨᠢᠦ᠋ ᠶᠣᠷᠺ ᠤ᠋ᠨ ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠶ᠋ᠢᠨ ᠶᠡᠷᠦᠩᠬᠡᠢ ᠭᠠᠵᠠᠷ ᠲᠤ᠌ ᠶᠠᠪᠤᠭᠳᠠᠭᠤᠯᠤᠭᠰᠠᠨ 《ᠮᠣᠩᠭᠣᠯ ᠨᠣᠮ ᠪᠢᠴᠢᠭ ᠰᠣᠶᠣᠯ ᠤ᠋ᠨ ᠥᠪ — ᠪᠣᠰᠤᠭ᠎ᠠ ᠮᠣᠩᠭᠣᠯ ᠦᠰᠦᠭ 》 ᠦ᠋ᠨ ᠦᠵᠡᠭᠦᠯᠦᠯᠭᠡ ᠳᠡᠭᠡᠷ᠎ᠡ᠂ ᠪᠣᠰᠤᠭ᠎ᠠ ᠮᠣᠩᠭᠣᠯ ᠦᠰᠦᠭ ᠦ᠋ᠨ ᠥᠪᠡᠷᠮᠢᠴᠡ ᠳᠦᠷᠰᠦ ᠪᠦᠲᠦᠭᠡᠯᠲᠡ ᠪᠠ ᠷᠢᠳᠢ ᠰᠢᠳᠢ ᠶ᠋ᠢ ᠳᠡᠯᠡᠬᠡᠢ ᠳ᠋ᠡᠬᠢᠨ ᠳ᠋ᠤ᠌ ᠲᠠᠨᠢᠭᠤᠯᠵᠠᠢ᠃ ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠳ᠋ᠤ᠌ ᠰᠠᠭᠤᠭ᠎ᠠ 169 ᠡᠯᠴᠢᠨ ᠰᠠᠢᠳ ᠬᠦᠷᠦᠯᠴᠡᠨ ᠲᠣᠭᠣᠷᠢᠨ ᠦᠵᠡᠵᠦ᠂ ᠨᠢᠦ᠋ ᠶᠣᠷᠺ ᠤ᠋ᠨ ᠬᠣᠲᠠ ᠶ᠋ᠢᠨ ᠶᠡᠬᠡ ᠰᠤᠷᠭᠠᠭᠤᠯᠢ ᠶ᠋ᠢᠨ ᠤᠷᠠᠨ ᠵᠢᠷᠤᠭ ᠤ᠋ᠨ ᠣᠷᠳᠣᠨ ᠳ᠋ᠤ᠌ ᠡᠭᠦᠷᠢᠳᠡ ᠬᠠᠳᠠᠭᠠᠯᠠᠭᠳᠠᠪᠠ᠃ 

          ᠮᠥ᠋‍ · ᠨᠠᠶᠠᠨᠲᠠᠢ ᠶ᠋ᠢᠨ ᠤᠷᠠᠨ ᠪᠢᠴᠢᠯᠭᠡ