ᠮᠢᠨᠦ ᠰᠠᠢᠬᠠᠨ ᠨᠠᠢᠵᠠ ᠨᠤᠭᠤᠳ-ᠰᠠᠷᠰᠠᠨᠳᠠᠮᠢᠳ᠂ ᠣᠳᠬᠣᠨᠴᠢᠮᠡᠭМиний сайхан найзууд-Сэрсэндамид,Отгончимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠰᠠᠢᠬᠠᠨ ᠨᠠᠢᠵᠠ ᠨᠤᠭᠤᠳ-ᠰᠠᠷᠰᠠᠨᠳᠠᠮᠢᠳ᠂ ᠣᠳᠬᠣᠨᠴᠢᠮᠡᠭМиний сайхан найзууд-Сэрсэндамид,Отгончимэг

ᠮᠢᠨᠦ ᠰᠠᠢᠬᠠᠨ ᠨᠠᠢᠵᠠ ᠨᠤᠭᠤᠳ-ᠰᠠᠷᠰᠠᠨᠳᠠᠮᠢᠳ᠂ ᠣᠳᠬᠣᠨᠴᠢᠮᠡᠭМиний сайхан найзууд-Сэрсэндамид,Отгончимэг

ᠠᠩᠭᠢᠯᠠᠯ:ᠳᠠᠭᠤᠤ ᠬᠥᠭᠵᠢᠮ
2024-04-02

3647

ᠮᠢᠨᠦ ᠰᠠᠢᠬᠠᠨ ᠨᠠᠢᠵᠠ ᠨᠤᠭᠤᠳ

   ᠦᠭᠡ᠄ ᠰᠡᠴᠡᠨᠪᠠᠲᠤ 
   ᠠᠶ᠎ᠠ᠄ ᠡᠩᠬᠡᠪᠠᠶᠠᠷ 
   — ᠰᠠᠷᠰᠠᠨᠳᠠᠮᠢᠳ᠂ ᠣᠳᠬᠣᠨᠴᠢᠮᠡᠭ ᠳᠠᠭᠤᠯᠠᠨ᠎ᠠ 


ᠰᠠᠨᠠᠭ᠎ᠠ ᠨᠡᠢᠯᠡᠭᠰᠡᠨ ᠦᠢᠯᠡᠰ ᠲᠤ ᠪᠡᠨ 
ᠰᠡᠳᠬᠢᠯ ᠨᠢᠭᠡᠲᠡᠢ ᠨᠠᠢᠵᠠ ᠠ᠋ 
ᠰᠠᠷᠠ ᠲᠠᠢ ᠨᠠᠷᠠ ᠲᠠᠢ ᠬᠣᠷᠸ᠎ᠠ ᠳ᠋ᠤ᠌ ᠪᠠᠨ 
ᠢᠲᠡᠭᠡᠯ ᠨᠢᠭᠡᠲᠡᠢ ᠨᠠᠢᠵᠠ ᠠ᠋ 
ᠮᠢᠨᠦ ᠰᠠᠢᠬᠠᠨ ᠨᠠᠢᠵᠠ ᠨᠤᠭᠤᠳ ᠢ᠋ 
ᠪᠤᠷᠬᠠᠨ ᠲᠩᠷᠢ ᠢᠪᠡᠭᠡᠭᠡᠷᠡᠢ 

ᠠᠯᠤᠰ ᠤ᠋ᠨ ᠠᠶᠠᠨ ᠤ᠋ ᠤᠷᠲᠤ ᠳ᠋ᠤ᠌
ᠠᠯᠬᠤᠭ᠎ᠠ ᠨᠢᠭᠡᠲᠡᠢ ᠨᠠᠢᠵᠠ ᠠ᠋
ᠠᠯᠳᠠᠵᠤ ᠤᠨᠤᠭᠰᠠᠨ ᠠᠮᠢᠳᠤᠷᠠᠯ ᠳ᠋ᠤ᠌ ᠪᠠᠨ
ᠠᠮᠢᠰᠬᠤᠭ᠎ᠠ ᠨᠢᠭᠡᠲᠡᠢ ᠨᠠᠢᠵᠠ ᠠ᠋
ᠮᠢᠨᠦ ᠰᠠᠢᠬᠠᠨ ᠨᠠᠢᠵᠠ ᠨᠤᠭᠤᠳ ᠢ᠋
ᠪᠤᠷᠬᠠᠨ ᠲᠩᠷᠢ ᠢᠪᠡᠭᠡᠭᠡᠷᠡᠢ

ᠵᠢᠷᠭᠠᠯ ᠵᠣᠪᠠᠯᠠᠩ ᠢ᠋ ᠲᠤᠭᠤᠯᠬᠤ ᠳ᠋ᠤ᠌
ᠵᠠᠶᠠᠭ᠎ᠠ ᠨᠢᠭᠡᠲᠡᠢ ᠨᠠᠢᠵᠠ ᠠ᠋
ᠵᠥᠪ ᠪᠤᠷᠤᠭᠤ ᠲᠠᠢ ᠣᠷᠴᠢᠯᠠᠩ ᠳ᠋ᠤ᠌ ᠪᠠᠨ
ᠵᠢᠷᠦᠬᠡ ᠨᠢᠭᠡᠲᠡᠢ ᠨᠠᠢᠵᠠ ᠠ᠋
ᠮᠢᠨᠦ ᠰᠠᠢᠬᠠᠨ ᠨᠠᠢᠵᠠ ᠨᠤᠭᠤᠳ ᠢ᠋
ᠪᠤᠷᠬᠠᠨ ᠲᠩᠷᠢ ᠢᠪᠡᠭᠡᠭᠡᠷᠡᠢ

ᠠᠨᠳᠠ ᠶ᠋ᠢᠨ ᠵᠢᠷᠤᠮ ᠢ᠋ ᠠᠷᠢᠭᠤᠯᠠᠭᠰᠠᠨ
ᠠᠨᠳᠠᠭᠠᠢ ᠨᠢᠭᠡᠲᠡᠢ ᠨᠠᠢᠵᠠ ᠠ᠋
ᠠᠰᠤᠷᠢ ᠲᠩᠷᠢ ᠶ᠋ᠢᠨ ᠠᠭᠤᠳᠠᠮ ᠳ᠋ᠤ᠌ ᠪᠠᠨ
ᠠᠮᠢ ᠨᠢᠭᠡᠲᠡᠢ ᠨᠠᠢᠵᠠ ᠠ᠋
ᠮᠢᠨᠦ ᠰᠠᠢᠬᠠᠨ ᠨᠠᠢᠵᠠ ᠨᠤᠭᠤᠳ ᠢ᠋
ᠪᠤᠷᠬᠠᠨ ᠲᠩᠷᠢ ᠢᠪᠡᠭᠡᠭᠡᠷᠡᠢ
ᠮᠢᠨᠦ ᠰᠠᠢᠬᠠᠨ ᠨᠠᠢᠵᠠ ᠨᠤᠭᠤᠳ ᠢ᠋
ᠪᠤᠷᠬᠠᠨ ᠲᠩᠷᠢ ᠢᠪᠡᠭᠡᠭᠡᠷᠡᠢ
ᠮᠢᠨᠦ ᠰᠠᠢᠬᠠᠨ ᠨᠠᠢᠵᠠ ᠨᠤᠭᠤᠳ ᠢ᠋
ᠪᠤᠷᠬᠠᠨ ᠲᠩᠷᠢ ᠢᠪᠡᠭᠡᠭᠡᠷᠡᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠦᠰᠦᠭ ᠬᠢᠨᠠᠭᠴᠢ᠄ ᠣᠳᠬᠠᠨᠰᠣ᠎ᠠ