ᠪᠤᠯᠠᠭ ᠰᠠᠴᠤᠭᠰᠠᠨ ᠰᠢᠵᠢᠷ – ᠴᠣ ᠂ ᠣᠷᠱᠤᠨ Булаг цацсан шижир – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠠᠭ ᠰᠠᠴᠤᠭᠰᠠᠨ ᠰᠢᠵᠢᠷ – ᠴᠣ ᠂ ᠣᠷᠱᠤᠨ Булаг цацсан шижир – Чо ᠂ Оршин

ᠪᠤᠯᠠᠭ ᠰᠠᠴᠤᠭᠰᠠᠨ ᠰᠢᠵᠢᠷ – ᠴᠣ ᠂ ᠣᠷᠱᠤᠨ Булаг цацсан шижир – Чо ᠂ Оршин

2024-04-02

252

ᠪᠤᠯᠠᠭ ᠰᠠᠴᠤᠭᠰᠠᠨ ᠰᠢᠵᠢᠷ


                ᠴᠣ· ᠣᠷᠱᠤᠨ  
 ᠨᠤᠲᠤᠭ ᠤ᠋ᠨ ᠰᠡᠳᠬᠢᠯ     
    ᠲᠥᠷᠥᠯᠬᠢ ᠨᠤᠲᠤᠭ ᠳᠣᠲᠣᠨᠣ      
    ᠲᠥᠷᠥᠭᠰᠡᠨ ᠪᠡᠶ᠎ᠡ ᠲᠡᠭᠦᠨ ᠦ᠌ 
 ᠤᠨᠠᠭᠠᠨ ᠨᠤᠲᠤᠭ ᠤ᠋ᠨ ᠢ᠋ᠶ᠋ᠠᠨ ᠭᠠᠵᠠᠷ ᠲᠤ 
 ᠤᠰᠤ ᠶ᠋ᠢ ᠨᠢ ᠠᠮᠰᠠᠭᠠᠳ ᠰᠡᠷᠭᠦᠯ᠎ᠡ᠂ 
 ᠤᠨᠠᠭᠰᠠᠨ ᠰᠢᠷᠣᠢ ᠶ᠋ᠢᠨ ᠢ᠋ᠶ᠋ᠡᠨ ᠬᠥᠷᠥᠰᠥᠨ ᠳ᠋ᠦ᠍ 
 ᠣᠶᠤᠨ ᠰᠡᠳᠬᠢᠯ ᠴᠤ᠌ ᠬᠣᠷᠭᠣᠲᠠᠯ᠎ᠠ᠃ 
 ᠬᠠᠷᠠᠭ᠎ᠠ ᠴᠡᠯᠡᠭᠡᠷ ᠬᠣᠭᠣᠯᠠᠢ ᠶ᠋ᠢᠨ  
 ᠬᠠᠨᠠᠭᠠᠷ ᠲᠡᠨᠢᠭᠡᠷ ᠲᠤ ᠠᠭᠤᠵᠢᠷᠠᠯ᠎ᠠ᠂ 
 ᠬᠠᠮᠢᠭ᠎ᠠ ᠠ᠋ᠴᠠ ᠴᠤ᠌ ᠰᠦᠷᠲᠡᠢ ᠣᠪᠣᠭ᠎ᠠ ᠶ᠋ᠢᠨ 
 ᠬᠠᠳᠠᠭ ᠰᠡᠷᠵᠢᠮ ᠢ᠋ ᠴᠤ᠌ ᠦᠵᠡᠯ᠎ᠡ᠃ 
 ᠪᠤᠭᠤᠷᠤᠯ ᠨᠠᠰᠤᠲᠠᠢ ᠡᠪᠦᠭᠡᠳ ᠦ᠋ᠨ 
 ᠨᠠᠢᠷᠠᠭᠯᠠᠭᠰᠠᠨ ᠢᠷᠦᠭᠡᠯ ᠢ᠋ ᠰᠣᠨᠣᠰᠤᠯ᠎ᠠ᠂ 
 ᠪᠤᠯᠠᠭ ᠠ᠋ᠴᠠ ᠡᠭᠦᠰᠦᠭᠰᠡᠨ ᠴᠠᠳᠢᠭ ᠢ᠋ᠶ᠋ᠠᠨ 
 ᠨᠠᠢᠷᠠᠭᠯᠠᠭᠰᠠᠨ ᠪᠠᠳᠠᠭ ᠢ᠋ᠶ᠋ᠠᠷ ᠠᠭᠤᠰᠬᠠᠯ᠎ᠠ᠃ 
 ᠪᠠᠶᠠᠨ ᠪᠠᠷᠭᠤ ᠶ᠋ᠢᠨ ᠰᠦᠯᠳᠡ 
 ᠪᠣᠭᠳᠠ ᠠᠭᠤᠯᠠ ᠰᠦᠨᠳᠡᠷᠯᠡᠭᠰᠡᠨ 
 ᠪᠣᠰᠤᠭ᠎ᠠ ᠬᠠᠶᠠᠯᠭᠠᠨ ᠤ᠋ ᠳᠣᠯᠭᠢᠶᠠᠨ 
 ᠪᠤᠢᠷ ᠂  ᠬᠥᠯᠥᠨ ᠲᠤᠨᠤᠯᠵᠠᠭᠰᠠᠨ 
 ᠪᠤᠶᠠᠨᠲᠤ ᠲᠠᠯ᠎ᠠ ᠶ᠋ᠢᠨ ᠪᠠᠷ᠎ᠠ ᠳ᠋ᠤ᠌ 
 ᠪᠤᠯᠠᠭ ᠤ᠋ᠨ ᠣᠪᠣᠭ᠎ᠠ ᠨᠢᠳᠦᠭᠦᠨ! 
 ᠪᠣᠰᠬᠠᠭᠳᠠᠵᠤ ᠰᠢᠲᠦᠭᠳᠡᠭᠰᠡᠨ ᠲᠡᠦᠬᠡ ᠨᠢ 
 ᠪᠤᠷᠭᠢᠯᠤᠭᠰᠠᠨ ᠰᠢᠯᠦᠭ ᠦ᠋ᠨ ᠰᠠᠴᠤᠯᠢ 
 ᠥᠷᠭᠡᠨ ᠵᠠᠢ① ᠰᠤᠮᠤᠨ ᠤ᠋ ᠮᠢᠨᠢ 
 ᠥᠨᠢᠷ ᠲᠡᠨᠢᠭᠡᠯᠡᠩ ᠴᠤ᠌ ᠡᠨᠡ ᠤᠤ⁈  
 ᠥᠩ ᠲᠡᠢ ᠶᠡᠬᠡ ᠲᠦᠮᠡᠨ ᠦ᠌ ᠮᠢᠨᠢ 
 ᠥᠭᠭᠢᠶᠡᠮᠦᠷ ᠲᠡᠨᠢᠭᠦᠨ  ᠡᠨᠡ ᠤᠤ⁈ 
 ᠡᠴᠢᠭᠡ᠂ ᠡᠬᠡ᠂ ᠨᠤᠲᠤᠭ ᠮᠢᠨᠢ 
 ᠡᠷᠢᠭᠡᠳ ᠣᠯᠬᠤ ᠦᠭᠡᠢ ᠡᠷᠳᠡᠨᠢ 
 ᠡᠨᠡᠬᠡᠨ ᠪᠡᠶ᠎ᠡ ᠶ᠋ᠢᠨ ᠡᠰᠡᠨᠢᠯ ᠳ᠋ᠦ᠍ 
 ᠡᠯᠡᠭᠳᠡᠵᠦ ᠬᠠᠶᠠᠭᠳᠠᠬᠤ ᠦᠭᠡᠢ ᠪᠤᠷᠬᠠᠨ 
 ᠨᠤᠭᠤᠰᠤ ᠭᠠᠯᠠᠭᠤ ᠵᠤᠯᠵᠠᠭ᠎ᠠ 
 ᠨᠠᠭᠤᠷ ᠢ᠋ᠶ᠋ᠠᠨ ᠵᠠᠪᠠᠯ ᠡᠷᠭᠢᠳᠡᠭ᠂ 
 ᠨᠤᠭᠤᠨ ᠬᠦᠦ ᠶ᠋ᠢᠨ ᠵᠢᠷᠦᠬᠡ ᠴᠤ᠌
 ᠨᠤᠲᠤᠭ ᠢ᠋ᠶ᠋ᠠᠨ ᠡᠨᠡᠷᠢᠬᠦ ᠨᠢ ᠵᠦᠢ! 

– – – – 
① ᠥᠷᠭᠡᠨ ᠵᠠᠢ— ᠰᠢᠨ᠎ᠡ ᠪᠠᠷᠭᠤ ᠵᠡᠭᠦᠨ ᠬᠤᠰᠢᠭᠤᠨ ᠤ᠋ ᠰᠢᠨᠠᠪᠤᠯᠠᠭ ᠵᠡᠭᠦᠨ᠂ ᠰᠢᠨᠠᠪᠤᠯᠠᠭ ᠪᠠᠷᠠᠭᠤᠨ᠂ ᠰᠢᠨᠠᠪᠤᠯᠠᠭ ᠰᠤᠮᠤ ᠶ᠋ᠢ ᠤᠭ ᠨᠢ ᠥᠷᠭᠡᠨ ᠵᠠᠢ ᠰᠤᠮᠤ ᠭᠡᠵᠦ ᠪᠠᠢᠵᠠᠢ᠃ 

 ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ ᠭᠡᠳᠡᠭ ᠰᠢᠯᠦᠭ ᠦ᠋ᠨ ᠲᠡᠭᠦᠪᠦᠷᠢ ᠡᠴᠡ ᠡᠰᠢᠯᠡᠪᠡ᠃
           ᠦᠰᠦᠭ ᠠᠮᠢᠯᠠᠭᠤᠯᠤᠭᠴᠢ᠄ 
               ᠪᠠᠶᠠᠷᠴᠡᠴᠡᠭ   2024 03 26