ᠥᠨᠳᠡᠭᠡᠨ ᠴᠠᠭᠠᠨ-ᠡᠷᠳᠡᠨᠢӨндгөн цагаан-Эрдэн
ᠥᠨᠳᠡᠭᠡᠨ ᠴᠠᠭᠠᠨ
ᠦᠭᠡ᠄ ᠴᠢᠮᠡᠭᠡᠯᠲᠦ
ᠠᠶ᠎ᠠ᠄ ᠰᠣᠶᠣᠯᠪᠠᠶᠠᠷ
ᠳᠠᠭᠤᠴᠢᠨ᠄ ᠡᠷᠳᠡᠨᠢ
ᠥᠨᠳᠡᠭᠡᠨ ᠴᠠᠭᠠᠨ ᠮᠢᠨᠦ ᠵᠠ
ᠮᠥᠩᠬᠡ ᠲᠩᠷᠢ ᠡᠴᠡ ᠢᠪᠡᠭᠡᠭᠰᠡᠨ
ᠡᠷᠳᠡᠨᠢ ᠶ᠋ᠢᠨ ᠬᠦᠯᠦᠭ ᠥᠨᠳᠡᠭᠡᠨ ᠴᠠᠭᠠᠨ
ᠮᠣᠩᠭᠣᠯ ᠬᠥᠮᠦᠨ ᠦ᠌ ᠡᠷ᠎ᠡ ᠵᠣᠷᠢᠭ ᠢ᠋ ᠪᠠᠳᠠᠷᠠᠭᠠᠭᠰᠠᠨ
ᠲᠩᠷᠢ ᠶ᠋ᠢᠨ ᠤᠨᠠᠭ᠎ᠠ ᠥᠨᠳᠡᠭᠡᠨ ᠴᠠᠭᠠᠨ
ᠣᠩᠭᠣᠨ ᠳᠡᠯ ᠢ᠋ᠶ᠋ᠡᠷ ᠢ᠋ᠶ᠋ᠡᠨ
ᠨᠠᠷᠠᠨ ᠰᠠᠷᠠᠨ ᠢ᠋ ᠳᠠᠯᠠᠯᠤᠭᠰᠠᠨ
ᠣᠮᠣᠭ ᠰᠦᠷ ᠬᠡᠢᠮᠣᠷᠢ ᠶ᠋ᠢ ᠪᠠᠳᠠᠷᠠᠭᠠᠭᠰᠠᠨ
ᠲᠩᠷᠢ ᠶ᠋ᠢᠨ ᠤᠨᠠᠭ᠎ᠠ ᠥᠨᠳᠡᠭᠡᠨ ᠴᠠᠭᠠᠨ
ᠬᠤᠷᠤᠢ! ᠬᠤᠷᠤᠢ! ᠬᠤᠷᠤᠢ!
ᠴᠢᠩᠭᠢᠰ ᠦ᠋ᠨ ᠮᠣᠩᠭᠣᠯ ᠤ᠋ᠨ ᠵᠢᠷᠦᠬᠡᠨ ᠰᠢᠲᠦᠭᠡᠨ ᠮᠣᠷᠢ
ᠴᠡᠩᠬᠡᠷ ᠲᠩᠷᠢ ᠶ᠋ᠢᠨ ᠬᠥᠯᠭᠡᠨ ᠰᠤᠳᠤᠷ ᠤ᠋ᠨ ᠠᠵᠢᠨᠠᠢ
ᠮᠢᠩᠭᠠᠨ ᠣᠨ ᠳ᠋ᠤ᠌ ᠳᠠᠭᠤᠷᠢᠰᠤᠭᠰᠠᠨ ᠠᠯᠳᠠᠷ ᠴᠤᠤᠲᠠᠢ
ᠮᠠᠨᠳᠤᠭᠰᠠᠨ ᠲᠥᠷᠥ ᠶ᠋ᠢᠨ ᠲᠡᠦᠬᠡ ᠶ᠋ᠢᠨ ᠬᠤᠪᠢᠯᠭᠠᠨ ᠮᠣᠷᠢ
ᠮᠣᠩᠭᠣᠯᠴᠤᠳ ᠤ᠋ᠨ! ᠮᠣᠩᠭᠣᠯᠴᠤᠳ ᠤ᠋ᠨ ᠰᠦᠭ ᠰᠦᠯᠳᠡ ᠶ᠋ᠢᠨ ᠳᠠᠯᠠᠯᠭ᠎ᠠ
ᠬᠤᠪᠢᠯᠭᠠᠨ ᠮᠣᠷᠢ! ᠬᠤᠪᠢᠯᠭᠠᠨ ᠮᠣᠷᠢ! ᠥᠨᠳᠡᠭᠡᠨ ᠴᠠᠭᠠᠨ
ᠬᠤᠷᠤᠢ! ᠬᠤᠷᠤᠢ! ᠬᠤᠷᠤᠢ!
ᠲᠩᠷᠢ ᠶ᠋ᠢᠨ ᠬᠢᠵᠠᠭᠠᠷ ᠢ᠋ ᠬᠤᠷᠤᠢᠯᠠᠨ ᠳᠠᠪᠬᠢᠭᠰᠠᠨ
ᠲᠩᠷᠢᠯᠢᠭ ᠨᠤᠲᠤᠭ ᠤ᠋ᠨ ᠰᠠᠬᠢᠭᠤᠯᠰᠤᠨ ᠬᠦᠯᠦᠭ
ᠪᠤᠭᠤᠷᠤᠯ ᠲᠡᠦᠬᠡ ᠶ᠋ᠢ ᠠᠴᠢᠶᠠᠯᠠᠨ ᠳᠠᠪᠬᠢᠭᠰᠠᠨ
ᠪᠦᠭᠦᠳᠡ ᠮᠣᠩᠭᠣᠯᠴᠤᠳ ᠤ᠋ᠨ ᠠᠮᠢᠨ ᠰᠢᠲᠦᠭᠡᠨ
ᠮᠣᠩᠭᠣᠯ ᠲᠦᠮᠡᠨ ᠦ᠌ ᠮᠥᠩᠬᠡ ᠶ᠋ᠢᠨ ᠳᠠᠯᠠᠯᠭ᠎ᠠ
ᠣᠩᠭᠣᠨ ᠰᠠᠭᠠᠷᠠᠯ ᠥᠨᠳᠡᠭᠡᠨ ᠴᠠᠭᠠᠨ
ᠲᠩᠷᠢ ᠶ᠋ᠢᠨ ᠤᠨᠠᠭ᠎ᠠ ᠥᠨᠳᠡᠭᠡᠨ ᠴᠠᠭᠠᠨ
ᠮᠣᠩᠭᠣᠯᠴᠤᠳ ᠤ᠋ᠨ ᠬᠡᠢᠮᠣᠷᠢ ᠴᠠ ᠳᠠᠯᠠᠯᠭ᠎ᠠ
ᠬᠤᠷᠤᠢ! ᠬᠤᠷᠤᠢ! ᠬᠤᠷᠤᠢ!
ᠴᠢᠩᠭᠢᠰ ᠦ᠋ᠨ ᠮᠣᠩᠭᠣᠯ ᠤ᠋ᠨ ᠵᠢᠷᠦᠬᠡᠨ ᠰᠢᠲᠦᠭᠡᠨ ᠮᠣᠷᠢ
ᠴᠡᠩᠬᠡᠷ ᠲᠩᠷᠢ ᠶ᠋ᠢᠨ ᠬᠥᠯᠭᠡᠨ ᠰᠤᠳᠤᠷ ᠤ᠋ᠨ ᠠᠵᠢᠨᠠᠢ
ᠮᠢᠩᠭᠠᠨ ᠣᠨ ᠳ᠋ᠤ᠌ ᠳᠠᠭᠤᠷᠢᠰᠤᠭᠰᠠᠨ ᠠᠯᠳᠠᠷ ᠴᠤᠤᠲᠠᠢ
ᠮᠠᠨᠳᠤᠭᠰᠠᠨ ᠲᠥᠷᠥ ᠶ᠋ᠢᠨ ᠲᠡᠦᠬᠡ ᠶ᠋ᠢᠨ ᠬᠤᠪᠢᠯᠭᠠᠨ ᠮᠣᠷᠢ
ᠮᠣᠩᠭᠣᠯᠴᠤᠳ ᠤ᠋ᠨ! ᠮᠣᠩᠭᠣᠯᠴᠤᠳ ᠤ᠋ᠨ ! ᠰᠦᠭ ᠰᠦᠯᠳᠡ ᠶ᠋ᠢᠨ ᠳᠠᠯᠠᠯᠭ᠎ᠠ
ᠬᠤᠪᠢᠯᠭᠠᠨ ᠮᠣᠷᠢ! ᠬᠤᠪᠢᠯᠭᠠᠨ ᠮᠣᠷᠢ! ᠥᠨᠳᠡᠭᠡᠨ ᠴᠠᠭᠠᠨ
ᠬᠤᠷᠤᠢ! ᠬᠤᠷᠤᠢ! ᠬᠤᠷᠤᠢ!
