ᠮᠠᠢᠯᠠᠰᠤМайлс.docx ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠢᠯᠠᠰᠤМайлс.docx

ᠮᠠᠢᠯᠠᠰᠤМайлс.docx

2024-04-02

382

ᠮᠠᠢᠯᠠᠰᠤ

                 ᠠᠷᠴᠠ ᠶ᠋ᠢᠨ ᠢᠵᠠᠭᠤᠷ 
      ᠮᠥᠩᠬᠡ ᠨᠣᠭᠣᠭᠠᠨ ᠲᠤᠷᠤᠭ ᠮᠣᠳᠣ᠂ 20m ᠬᠢᠷᠢ ᠥᠨᠳᠥᠷ ᠪᠣᠯᠳᠠᠭ᠂ ᠭᠥᠯᠢᠭᠡᠷ ᠪᠥᠭᠡᠳ ᠴᠠᠢᠪᠤᠷ ᠬᠦᠷᠡᠩ ᠬᠣᠯᠲᠣᠰᠣ ᠲᠠᠢ᠃ ᠮᠥᠴᠢᠷ ᠨᠢ ᠨᠠᠷᠢᠬᠠᠨ ᠤᠷᠲᠤ᠂ ᠤᠨᠵᠢᠢᠵᠤ ᠤᠷᠭᠤᠨ᠎ᠠ᠃ ᠨᠠᠪᠴᠢ ᠨᠢ ᠶᠡᠷᠦ ᠳ᠋ᠡᠭᠡᠨ ᠬᠠᠢᠷᠰᠤᠨ ᠢᠯᠲᠠᠰᠤ ᠰᠢᠭ᠋ ᠪᠥᠭᠡᠳ ᠥᠨᠳᠡᠭᠡᠯᠵᠢᠨ ᠪᠤᠶᠤ ᠭᠤᠷᠪᠠᠯᠵᠢᠨ᠂ ᠱᠣᠪᠬᠣ ᠦᠵᠦᠭᠦᠷ ᠲᠡᠢ᠂ ᠮᠥᠴᠢᠷ ᠳᠡᠭᠡᠷ᠎ᠡ ᠪᠡᠨ ᠰᠣᠯᠪᠢᠴᠠᠵᠤ ᠴᠢᠭᠲᠠᠯᠠᠨ ᠤᠷᠭᠤᠨ᠎ᠠ᠂ ᠭᠡᠪᠡᠴᠦ ᠨᠢᠯᠬ᠎ᠠ ᠮᠣᠳᠣ ᠪᠤᠶᠤ ᠥᠲᠡᠯᠦᠭᠰᠡᠨ ᠮᠣᠳᠣᠨ ᠤ᠋ ᠪᠦᠳᠦᠭᠦᠨ ᠰᠠᠯᠠᠭ᠎ᠠ ᠮᠥᠴᠢᠷ ᠳᠡᠭᠡᠷ᠎ᠡ ᠪᠣᠯ ᠭᠤᠷᠪᠠ ᠳᠥᠷᠪᠡᠨ ᠪᠦᠰᠡ ᠬᠡᠯᠪᠡᠷᠢᠲᠦ ᠪᠤᠶᠤ ᠱᠣᠷᠣᠯᠵᠢᠨ ᠬᠡᠯᠪᠡᠷᠢᠲᠦ ᠨᠠᠪᠴᠢ ᠳᠤᠭᠤᠢᠷᠠᠨ ᠤᠷᠭᠤᠳᠠᠭ᠃ ᠴᠡᠴᠡᠭ ᠨᠢ ᠵᠢᠵᠢᠭ᠂ ᠭᠠᠭᠴᠠ ᠪᠡᠯᠭᠡ ᠲᠡᠢ᠂ ᠨᠢᠭᠡ ᠭᠡᠷ ᠲᠡᠢ᠂ ᠪᠦᠷ ᠮᠥᠴᠢᠷ ᠦ᠋ᠨ ᠣᠷᠣᠢ ᠳ᠋ᠤ᠌ ᠤᠷᠭᠤᠨ᠎ᠠ᠃ ᠡᠷ᠎ᠡ ᠪᠠᠭ ᠴᠡᠴᠡᠭ ᠨᠢ ᠵᠤᠤᠪᠠᠩ᠂ ᠰᠢᠷ᠎ᠠ᠂ ᠶᠡᠷᠦ ᠳ᠋ᠡᠭᠡᠨ ᠨᠠᠢ᠍ᠮᠠᠨ ᠲᠣᠭᠣᠷᠴᠣᠭ ᠲᠠᠢ᠃ ᠡᠮ᠎ᠡ ᠪᠠᠭ ᠴᠡᠴᠡᠭ ᠨᠢ ᠪᠥᠮᠪᠥᠭᠡᠯᠢᠭ᠃ ᠪᠣᠷᠭᠣᠴᠣᠭ ᠨᠢ ᠪᠥᠮᠪᠦᠭᠡᠨ ᠬᠡᠯᠪᠡᠷᠢ ᠲᠡᠢ ᠪᠥᠭᠡᠳ ᠬᠦᠷᠡᠩ᠂ ᠳ᠋ᠢᠶᠠᠮᠧᠲ᠋ᠷ ᠨᠢ 8—12mm ᠂ ᠳᠠᠷᠠᠭ᠎ᠠ ᠵᠢᠯ ᠦ᠋ᠨ ᠬᠢᠨᠢ ᠵᠤᠨ ᠪᠣᠯᠪᠠᠰᠤᠷᠠᠨ᠎ᠠ᠂ ᠠᠮᠠᠯᠠᠨ ᠪᠠᠢᠷᠢᠯᠠᠭᠰᠠᠨ ᠨᠠᠢ᠍ᠮᠠᠨ ᠪᠠᠮᠪᠠᠢ ᠬᠡᠯᠪᠡᠷᠢᠲᠦ ᠦᠷ᠎ᠡ ᠶ᠋ᠢᠨ ᠬᠠᠢᠷᠰᠤ ᠲᠠᠢ᠃ ᠬᠥᠭᠵᠢᠯ ᠲᠡᠢ ᠬᠠᠢᠷᠰᠤ ᠨᠢ 5—6  ᠦᠷ᠎ᠡ ᠲᠡᠢ ᠪᠥᠭᠡᠳ ᠣᠷᠣᠢ ᠳ᠋ᠠᠭᠠᠨ ᠣᠬᠣᠷᠬᠠᠨ ᠱᠣᠪᠣᠢᠭᠰᠠᠨ ᠦᠵᠦᠭᠦᠷ ᠲᠡᠢ᠃ ᠦᠷ᠎ᠡ ᠨᠢ ᠥᠨᠳᠡᠭᠡᠯᠵᠢᠨ᠂ 3mm  ᠣᠷᠴᠢᠮ ᠤᠷᠲᠤ᠂ ᠵᠢᠭᠠᠬᠠᠨ ᠳᠠᠯᠠᠪᠴᠢ ᠲᠠᠢ᠃        ᠳᠤᠯᠠᠭᠠᠨ ᠴᠢᠭᠢᠭᠲᠡᠢ ᠠᠭᠤᠷ ᠠᠮᠢᠰᠬᠤᠯᠲᠤ ᠭᠠᠵᠠᠷ ᠤ᠋ᠨ ᠺᠠᠯᠽᠲᠤ ᠬᠥᠷᠥᠰᠥᠨ ᠳ᠋ᠦ᠍ ᠤᠷᠭᠤᠨ᠎ᠠ᠂ ᠤᠯᠠᠭᠠᠨ ᠴᠢᠯᠠᠭᠤᠲᠤ ᠭᠠᠵᠠᠷ ᠪᠣᠯᠤᠨ ᠴᠣᠬᠣᠢ ᠶ᠋ᠢᠨ ᠴᠢᠯᠠᠭᠤᠲᠤ ᠭᠠᠵᠠᠷ ᠢ᠋ᠶ᠋ᠠᠷ ᠨᠡᠩ ᠴᠦ᠍ ᠣᠯᠠᠨ ᠤᠷᠭᠤᠳᠠᠭ᠃ ᠣᠯᠠᠨ ᠠᠷᠠᠴᠢᠯᠠᠨ ᠵᠠᠢᠯᠠᠵᠤ ᠪᠣᠢ᠃  
      ᠮᠠᠨ ᠤ᠋ ᠤᠯᠤᠰ ᠤ᠋ᠨ ᠰᠧᠴᠤᠸᠠᠨ᠂ ᠬᠤᠪᠧᠢ ᠮᠣᠵᠢ ᠪᠠᠷ ᠪᠠᠢᠭᠠᠯᠢ ᠶ᠋ᠢᠨ ᠣᠢ ᠪᠣᠯᠵᠤ ᠤᠷᠭᠤᠵᠤ ᠪᠣᠢ᠃ ᠵᠧᠵᠢᠶᠠᠩ᠂ ᠠᠨᠾᠥ᠋ᠢ᠂ ᠾᠧᠨᠠᠨ᠂ ᠱᠠᠨᠰᠢ᠂ ᠭᠠᠨᠰᠦ᠂ ᠭᠦᠢᠵᠧᠦ᠂ ᠶᠦᠨᠨᠠᠨ᠂ ᠭᠣᠸᠠᠩᠳᠥ᠋ᠩ᠂ ᠭᠤᠸᠠᠩᠰᠢ᠂ ᠬᠤᠨᠠᠨ᠂ ᠵᠢᠶᠠᠩᠰᠢ᠂ ᠹᠦᠵᠢᠶᠠᠨ᠂ ᠲᠠᠢᠸᠠᠨ ᠵᠡᠷᠭᠡ ᠮᠣᠵᠢ ᠪᠠᠷ ᠪᠦᠷ ᠤᠷᠭᠤᠳᠠᠭ᠃
       ᠡᠰᠢ᠂ ᠦᠨᠳᠦᠰᠦ ᠬᠢᠭᠡᠳ ᠨᠠᠪᠴᠢ ᠠ᠋ᠴᠠ ᠨᠢ ᠠᠩᠬᠢᠯᠤᠮ᠎ᠠ ᠲᠣᠰᠣ ᠠᠪᠴᠤ ᠪᠣᠯᠤᠨ᠎ᠠ᠃ ᠮᠣᠳᠣ ᠶ᠋ᠢ ᠨᠢ ᠪᠠᠷᠢᠯᠭ᠎ᠠ᠂ ᠣᠩᠭᠣᠴᠠ ᠂ ᠭᠡᠷ ᠦ᠋ᠨ ᠪᠤᠶᠤ ᠲᠠᠷᠢᠶᠠᠯᠠᠩ ᠤ᠋ᠨ ᠪᠠᠭᠠᠵᠢ ᠬᠡᠷᠡᠭᠰᠡᠯ ᠳ᠋ᠦ᠍ ᠠᠰᠢᠭᠯᠠᠨ᠎ᠠ᠃ ᠦᠵᠡᠮᠵᠢ ᠶ᠋ᠢᠨ ᠮᠣᠳᠣ᠃ ᠪᠣᠷᠭᠣᠴᠣᠭ᠂ ᠦᠨᠳᠦᠰᠦ᠂ ᠨᠠᠪᠴᠢ ᠮᠥᠴᠢᠷ ᠨᠢ ᠪᠦᠷ ᠡᠮ ᠳ᠋ᠦ᠍ ᠣᠷᠣᠨ᠎ᠠ᠃
      ᠬᠢᠲᠠᠳ ᠨᠡᠷ᠎ᠡ᠄柏木
       ᠠᠩᠭ᠌ᠯᠢ ᠨᠡᠷ᠎ᠡ᠄ Cupressus Funebris Endl.
                ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ  
                ᠬᠢᠨᠠᠭᠴᠢ᠄ ᠫᠤ· ᠴᠠᠭᠠᠨ