ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠪᠣᠣᠱᠠᠨ Шинэ дундад улсын уран бичлэгдэд -<1>1949 оноос өмнө мэндэлсэд - Боошан
<ᠨᠢᠭᠡ>1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠳᠡᠳ
—— ᠪᠣᠣᠱᠠᠨ Боошан
ᠪᠤᠥᠱᠠᠨ ᠂ ᠡᠷᠡᠭᠲᠡᠢ᠂ ᠮᠣᠩᠭᠣᠯ ᠦᠨᠳᠦᠰᠦᠲᠡᠨ᠂1941 ᠣᠨ ᠤ᠋ ᠪᠢᠯᠢᠭ ᠦ᠋ᠨ ᠤᠯᠠᠷᠢᠯ ᠤ᠋ᠨ 8 ᠰᠠᠷ᠎ᠠ ᠶ᠋ᠢᠨ 9 ᠦ᠌ ᠡᠳᠦᠷ ᠵᠢᠷᠢᠮ ᠠᠢᠮᠠᠭ ᠤ᠋ᠨ ᠬᠣᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ᠋ ᠤᠰᠤᠲᠤ ᠰᠤᠮᠤ ᠶ᠋ᠢᠨ ᠪᠤᠷᠤᠬᠤᠸᠠ ᠭᠠᠴᠠᠭᠠᠨ ᠳ᠋ᠤ᠌ ᠲᠥᠷᠥᠪᠡ᠃ ᠲᠡᠷᠡ ᠬᠠᠷᠠᠬᠠᠨ ᠪᠠᠭ᠎ᠠ ᠠ᠋ᠴᠠ ᠪᠠᠨ ᠰᠡᠴᠡᠨ ᠰᠡᠷᠭᠦᠯᠡᠩ᠂ ᠰᠠᠨᠠᠭ᠎ᠠ ᠤᠷᠠᠨ ᠪᠣᠯᠬᠣᠷ ᠪᠢᠴᠢᠵᠦ ᠵᠢᠷᠤᠬᠤ ᠠᠵᠢᠯ ᠳ᠋ᠤ᠌ ᠳᠤᠷ᠎ᠠ ᠪᠠᠬ᠎ᠠ ᠲᠠᠢ ᠪᠠᠢᠵᠤ 《ᠡᠦ ᠰᠥᠩ ᠪᠠᠷᠰ ᠢ᠋ ᠨᠢᠳᠤᠷᠭᠠᠳᠠᠵᠤ ᠠᠯᠠᠭᠰᠠᠨ 》᠂ 《 ᠯᠣᠣᠶᠧ ᠪᠤᠷᠬᠠᠨ ᠤ᠋ ᠬᠥᠷᠥᠭ 》 ᠮᠡᠲᠦ ᠵᠢᠷᠤᠭ ᠢ᠋ ᠵᠢᠷᠤᠵᠤ ᠠᠢᠯ ᠠᠢᠮᠠᠭ᠂ ᠲᠥᠷᠥᠯ ᠰᠠᠳᠤᠨ ᠳ᠋ᠤ᠌ ᠪᠠᠨ ᠲᠠᠯ᠎ᠠ ᠪᠣᠯᠭᠠᠵᠤ ᠪᠠᠢᠭᠰᠠᠨ ᠠ᠋ᠴᠠ ᠲᠡᠭᠦᠨ ᠢ᠋ 《 ᠪᠤᠷᠬᠠᠨ ᠵᠢᠷᠤᠳᠠᠭ ᠬᠦᠦ 》 ᠭᠡᠵᠦ ᠳᠠᠭᠤᠳᠠᠬᠤ ᠪᠣᠯᠵᠠᠢ᠃ ᠨᠡᠩ ᠢᠯᠡᠭᠦᠦ ᠵᠢᠯ ᠴᠠᠭᠠᠨ ᠰᠠᠷ᠎ᠠ ᠪᠣᠯᠪᠠᠯ ᠪᠠᠷᠢᠭᠠᠳᠠ ᠬᠢᠭᠡᠳ ᠠᠢᠯ ᠠᠢᠮᠠᠭ᠂ ᠲᠥᠷᠥᠯ ᠰᠠᠳᠤᠨ ᠤ᠋ ᠪᠠᠨ ᠬᠣᠣᠰ ᠤᠶᠠᠩᠭ᠎ᠠ ᠶ᠋ᠢ ᠪᠢᠴᠢᠨ ᠶᠠᠭᠠᠷᠠᠵᠤ ᠪᠠᠢᠭᠰᠠᠨ ᠨᠢ ᠲᠡᠭᠦᠨ ᠦ᠌ ᠤᠷᠠᠨ ᠪᠢᠴᠢᠯᠭᠡ ᠶ᠋ᠢᠨ ᠳᠡᠭᠡᠭᠰᠢᠯᠡᠯᠲᠡ ᠳᠦᠷᠢᠮᠵᠢᠯ ᠳ᠋ᠦ᠍ ᠶᠡᠬᠡᠬᠡᠨ ᠠᠴᠢ ᠲᠤᠰᠠ ᠦᠵᠡᠭᠦᠯᠵᠡᠢ᠃ ᠪᠤᠤᠱᠠᠨ ᠪᠠᠭᠰᠢ ᠬᠢᠲᠠᠳ ᠰᠣᠶᠣᠯ ᠤ᠋ᠨ ᠨᠥᠯᠥᠭᠡ ᠶ᠋ᠢ ᠢᠩᠭᠢᠵᠦ ᠬᠦᠷᠲᠡᠭᠰᠡᠨ ᠢ᠋ᠶ᠋ᠡᠷ ᠪᠠᠷᠠᠬᠤ ᠦᠭᠡᠢ ᠲᠤᠬᠠᠢ ᠶ᠋ᠢᠨ ᠦᠶ᠎ᠡ ᠳ᠋ᠦ᠍ ᠮᠣᠩᠭᠣᠯ ᠭᠠᠵᠠᠷ ᠳᠡᠯᠭᠡᠷᠡᠵᠦ ᠪᠠᠢᠭᠰᠠᠨ ᠦᠰᠦᠨ ᠪᠢᠷ ᠢ᠋ᠶ᠋ᠡᠷ ᠪᠢᠴᠢᠭᠰᠡᠨ ᠭᠠᠷ ᠪᠢᠴᠢᠮᠡᠯ ᠦᠯᠢᠭᠡᠷ ᠦ᠋ᠨ ᠳᠡᠪᠲᠡᠷ ᠢ᠋ ᠠᠬ᠎ᠠ ᠵᠠᠬᠠᠰ᠂ ᠠᠢᠯ ᠠᠢᠮᠠᠭ᠂ ᠲᠥᠷᠥᠯ ᠰᠠᠳᠤᠨ ᠳ᠋ᠤ᠌ ᠪᠠᠨ ᠤᠩᠰᠢᠨ ᠥᠭᠴᠦ ᠪᠠᠢᠭᠰᠠᠨ ᠠ᠋ᠴᠠ ᠲᠡᠳᠡᠭᠡᠷ ᠣᠯᠠᠨ ᠦᠰᠦᠨ ᠪᠢᠷ ᠦ᠋ᠨ ᠲᠢᠭ ᠬᠡᠯᠪᠡᠷᠢ ᠶ᠋ᠢ ᠦᠵᠡᠨ᠂ ᠪᠢᠰᠢᠷᠡᠨ ᠪᠠᠬᠠᠷᠬᠠᠵᠤ ᠳᠤᠷ᠎ᠠ ᠰᠣᠨᠢᠷᠬᠠᠯ ᠨᠢ ᠨᠡᠭᠡᠭᠡᠭᠳᠡᠨ ᠤᠷ᠎ᠠ ᠠᠪᠢᠶᠠᠰ ᠨᠢ ᠪᠠᠳᠠᠷᠠᠵᠤ ᠵᠠᠪ ᠴᠢᠯᠥᠭᠡ ᠭᠠᠷᠪᠠᠯ ᠳᠠᠭᠤᠷᠢᠶᠠᠨ ᠪᠢᠴᠢᠵᠦ ᠪᠣᠯᠪᠠᠰᠤᠷᠠᠭᠰᠠᠨ ᠨᠢ ᠲᠡᠭᠦᠨ ᠦ᠌ ᠥᠨᠥᠳᠥᠷ ᠦ᠋ᠨ᠂ ᠡᠷᠡᠨ ᠦᠶ᠎ᠡ ᠶ᠋ᠢᠨ ᠲᠣᠮᠣ ᠤᠷᠠᠨ ᠪᠢᠴᠢᠯᠭᠡᠲᠡᠨ ᠪᠣᠯᠵᠤ ᠬᠥᠮᠦᠵᠢᠭᠳᠡᠬᠦ ᠬᠠᠮᠤᠭ ᠠᠩᠬᠠᠨ ᠤ᠋ ᠪᠠᠲᠤ ᠰᠠᠭᠤᠷᠢ ᠶ᠋ᠢ ᠲᠠᠯᠪᠢᠵᠤ ᠦᠭᠭᠦᠭᠰᠡᠨ ᠪᠠᠢᠨ᠎ᠠ᠃
ᠪᠤᠤᠱᠠᠨ 1956 ᠣᠨ ᠳ᠋ᠤ᠌ ᠪᠠᠭ᠎ᠠ ᠰᠤᠷᠭᠠᠭᠤᠯᠢ ᠪᠠᠨ ᠲᠡᠭᠦᠰᠴᠦ᠂ ᠲᠤᠬᠠᠢ ᠶ᠋ᠢᠨ ᠦᠶ᠎ᠡ ᠶ᠋ᠢᠨ ᠥᠪᠥᠷ ᠮᠣᠩᠭᠣᠯ ᠤ᠋ᠨ ᠦᠨᠳᠦᠰᠦᠲᠡᠨ ᠦ᠌ ᠳᠡᠭᠡᠳᠦ ᠵᠡᠷᠭᠡ ᠶ᠋ᠢᠨ ᠲᠤᠰᠬᠠᠢ ᠮᠡᠷᠭᠡᠵᠢᠯ ᠦ᠋ᠨ ᠰᠤᠷᠭᠠᠭᠤᠯᠢ ᠳ᠋ᠤ᠌ ᠰᠢᠯᠭᠠᠨ ᠣᠷᠣᠪᠠ᠃ 1962 ᠣᠨ ᠤ᠋ 7 ᠰᠠᠷ᠎ᠠ ᠳ᠋ᠤ᠌ ᠰᠤᠷᠭᠠᠭᠤᠯᠢ ᠪᠠᠨ ᠲᠡᠭᠦᠰᠴᠦ᠂ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶᠠᠨ ᠤ᠋ ᠤᠷᠠᠨ ᠵᠢᠷᠤᠭ ᠨᠠᠢᠷᠠᠭᠤᠯᠬᠤ ᠲᠠᠰᠤᠭ ᠲᠤ᠌ ᠬᠤᠪᠢᠶᠠᠭᠳᠠᠨ ᠠᠵᠢᠯᠯᠠᠵᠠᠢ᠃ ᠳᠠᠷᠠᠭ᠎ᠠ ᠵᠢᠯ ᠡᠴᠡ ᠨᠢ ᠡᠬᠢᠯᠡᠵᠦ ᠪᠠᠭ᠎ᠠ ᠰᠤᠷᠭᠠᠭᠤᠯᠢ ᠶ᠋ᠢᠨ ᠨᠢᠭᠡᠳᠦᠭᠡᠷ ᠣᠨ ᠠ᠋ᠴᠠ ᠭᠤᠷᠪᠠᠳᠤᠭᠠᠷ ᠣᠨ ᠤ᠋ ᠬᠡᠯᠡ ᠪᠢᠴᠢᠭ ᠪᠣᠯᠤᠨ ᠲᠣᠭᠠᠨ ᠤ᠋ ᠤᠬᠠᠭᠠᠨ ᠤ᠋ ᠬᠢᠴᠢᠶᠡᠯ ᠦ᠋ᠨ ᠪᠢᠴᠢᠭ ᠢ᠋ ᠦᠰᠦᠨ ᠪᠢᠷ ᠪᠣᠯᠤᠨ ᠪᠣᠯᠣᠳ ᠪᠢᠷ ᠢ᠋ᠶ᠋ᠡᠷ ᠰᠡᠢᠷᠡᠭᠦᠯᠦᠨ ᠪᠢᠴᠢᠬᠦ ᠴᠢᠬᠤᠯᠠ ᠠᠵᠢᠯ ᠢ᠋ ᠳᠠᠭᠠᠭᠠᠴᠢᠯᠠᠨ ᠬᠢᠪᠡ᠃ ᠢᠩᠭᠢᠭᠡᠳ 2001 ᠣᠨ ᠬᠦᠷᠲᠡᠯ᠎ᠡ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶᠠᠨ ᠳ᠋ᠤ᠌ 39 ᠵᠢᠯ ᠠᠵᠢᠯᠯᠠᠵᠤ᠂ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠢ᠋ ᠨᠠᠰᠤ ᠪᠠᠷ ᠢ᠋ᠶ᠋ᠠᠨ ᠪᠢᠴᠢᠵᠦ᠂ ᠣᠳᠣ ᠠᠵᠢᠯ ᠠ᠋ᠴᠠ ᠪᠠᠨ ᠳᠠᠷᠬᠠᠯᠠᠭᠳᠠᠭᠰᠠᠨ ᠪᠣᠯᠪᠠᠴᠤ ᠮᠣᠩᠭᠣᠯ ᠤᠷᠠᠨ ᠪᠢᠴᠢᠯᠭᠡ ᠪᠡᠨ ᠦᠷᠭᠦᠯᠵᠢᠯᠡᠨ ᠪᠢᠴᠢᠵᠦ ᠯᠡ ᠪᠠᠢᠨ᠎ᠠ᠃ ᠲᠡᠷᠡ ᠪᠠᠭ᠎ᠠ ᠰᠤᠷᠭᠠᠭᠤᠯᠢ ᠶ᠋ᠢᠨ ᠬᠡᠯᠡ ᠪᠢᠴᠢᠭ ᠪᠣᠯᠤᠨ ᠲᠣᠭᠠᠨ ᠤ᠋ ᠤᠬᠠᠭᠠᠨ ᠤ᠋ ᠬᠢᠴᠢᠶᠡᠯ ᠦ᠋ᠨ ᠪᠢᠴᠢᠭ ᠢ᠋ ᠦᠰᠦᠨ ᠪᠢᠷ ᠪᠠ ᠪᠣᠯᠣᠳ ᠪᠢᠷ ᠢ᠋ᠶ᠋ᠡᠷ ᠭᠤᠴᠢᠭᠠᠳ ᠵᠢᠯ ᠰᠡᠢᠷᠡᠭᠦᠯᠦᠨ ᠪᠢᠴᠢᠵᠦ᠂ ᠦᠰᠦᠭ ᠦ᠋ᠨ ᠲᠣᠭ᠎ᠠ 200 ᠲᠦᠮᠡ ᠶ᠋ᠢ ᠳᠠᠪᠠᠵᠤ᠂ ᠪᠦᠬᠦᠨ ᠢ᠋ ᠬᠡᠪᠯᠡᠨ ᠬᠡᠷᠡᠭᠯᠡᠵᠡᠢ᠃ ᠲᠡᠷᠡ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠢ᠋ ᠤᠷᠲᠤ ᠤᠳᠠᠭᠠᠨ ᠬᠤᠭᠤᠴᠠᠭ᠎ᠠ ᠪᠠᠷ ᠪᠢᠴᠢᠵᠦ ᠣᠷᠣᠯᠳᠣᠭᠰᠠᠨ ᠪᠣᠯᠬᠣᠷ ᠮᠣᠩᠭᠣᠯ ᠦᠰᠦᠭ ᠢ᠋ ᠵᠥᠪ ᠲᠣᠳᠣ ᠪᠢᠴᠢᠬᠦ᠂ ᠤᠷᠠᠨ ᠰᠠᠢᠬᠠᠨ ᠪᠢᠴᠢᠬᠦ᠂ ᠬᠠᠭᠤᠳᠠᠰᠤ ᠨᠢᠭᠤᠷ ᠤ᠋ᠨ ᠵᠣᠬᠢᠮᠵᠢ ᠬᠡᠯᠪᠡᠷᠢ ᠶ᠋ᠢ ᠵᠦᠢ ᠵᠣᠬᠢᠰ ᠲᠠᠢ ᠲᠣᠬᠢᠷᠠᠭᠤᠯᠬᠤ᠂ ᠦᠰᠦᠭ ᠦᠰᠦᠭ ᠦ᠋ᠨ ᠬᠣᠭᠣᠷᠣᠨᠳᠣᠬᠢ ᠵᠠᠢ ᠶ᠋ᠢ ᠵᠣᠬᠢᠴᠠᠭᠤᠯᠬᠤ᠂ ᠮᠥᠷ ᠮᠥᠷ ᠦ᠋ᠨ ᠵᠠᠢ ᠶ᠋ᠢ ᠵᠦᠢ ᠵᠣᠬᠢᠰ ᠲᠠᠢ ᠪᠠᠢᠷᠢᠯᠠᠭᠤᠯᠬᠤ ᠲᠠᠯ᠎ᠠ ᠪᠠᠷ ᠬᠠᠲᠠᠭᠤ ᠴᠢᠩᠭ᠎ᠠ ᠳᠠᠪᠲᠠᠯᠲᠠ ᠶ᠋ᠢ ᠥᠩᠭᠡᠷᠡᠭᠡᠵᠡᠢ᠃ ᠪᠤᠤᠱᠠᠨ ᠵᠥᠪᠬᠡᠨ ᠬᠡᠯᠡ ᠪᠢᠴᠢᠭ ᠦ᠋ᠨ ᠬᠢᠴᠢᠶᠡᠯ ᠦ᠋ᠨ ᠪᠢᠴᠢᠭ ᠢ᠋ ᠬᠠᠭᠤᠯᠤᠨ ᠪᠢᠴᠢᠭᠡᠳ ᠯᠡ ᠵᠣᠭᠰᠣᠭᠰᠠᠨ ᠪᠢᠰᠢ ᠪᠠᠰᠠ ᠤᠷᠠᠨ ᠵᠢᠷᠤᠭ ᠤ᠋ᠨ ᠨᠠᠢᠷᠠᠭᠤᠯᠬᠤ ᠲᠠᠰᠤᠭ ᠲᠤ᠌ ᠡᠯ᠎ᠡ ᠲᠥᠷᠥᠯ ᠦ᠋ᠨ ᠨᠣᠮ ᠪᠢᠴᠢᠭ ᠦ᠋ᠨ ᠬᠠᠪᠢᠰᠤ ᠶ᠋ᠢ ᠤᠷᠠᠯᠠᠨ ᠵᠢᠷᠤᠬᠤ᠂ ᠵᠢᠭᠢᠷᠢᠭ ᠵᠢᠷᠤᠭ ᠵᠢᠷᠤᠬᠤ᠂ ᠤᠷᠠᠯᠢᠭ ᠦᠰᠦᠭ ᠪᠢᠴᠢᠬᠦ᠂ ᠳᠠᠭᠤᠤ ᠬᠥᠭᠵᠢᠮ᠂ ᠪᠡᠶ᠎ᠡ ᠲᠠᠮᠢᠷ᠂ ᠤᠷᠠᠨ ᠵᠢᠷᠤᠭ ᠤ᠋ᠨ ᠮᠡᠷᠭᠡᠵᠢᠯ ᠦ᠋ᠨ ᠬᠢᠴᠢᠶᠡᠯ ᠦ᠋ᠨ ᠪᠢᠴᠢᠭ ᠵᠡᠷᠭᠡ ᠶ᠋ᠢ ᠣᠷᠴᠢᠭᠤᠯᠵᠤ ᠨᠠᠢᠷᠠᠭᠤᠯᠬᠤ ᠠᠵᠢᠯ ᠪᠣᠯᠤᠨ ᠬᠢᠨᠠᠨ ᠲᠣᠭᠲᠠᠭᠠᠬᠤ ᠠᠵᠢᠯ ᠢ᠋ ᠣᠯᠠᠨᠲᠠ ᠬᠢᠵᠡᠢ᠃
ᠪᠣᠣᠱᠠᠨ ᠤ᠋ ᠤᠷᠠᠨ ᠪᠢᠴᠢᠯᠭᠡ 《 ᠲᠦᠮᠡᠨ ᠦ᠌ ᠲᠦᠷᠦᠭᠦᠦ᠂ ᠮᠢᠩᠭᠠᠨ ᠤ᠋ ᠮᠠᠩᠯᠠᠢ 》 ᠪᠣᠯᠵᠤ᠂ ᠣᠯᠠᠨ ᠤ᠋ ᠪᠠᠬᠠᠷᠬᠠᠯ ᠢ᠋ ᠣᠯᠵᠤ ᠲᠡᠭᠦᠨ ᠦ᠌ ᠦᠰᠦᠭ ᠢ᠋ ᠦᠯᠢᠭᠡᠷ ᠦᠰᠦᠭ ᠪᠣᠯᠭᠠᠨ ᠳ᠋ᠠᠭᠠᠨ ᠰᠤᠷᠤᠯᠴᠠᠬᠤ ᠶ᠋ᠢᠨ ᠳᠠᠭᠠᠤ ᠰᠤᠳᠤᠯᠭ᠎ᠠ ᠰᠢᠨᠵᠢᠯᠡᠭᠡ ᠬᠢᠭᠰᠡᠨ ᠤᠷᠠᠨ ᠪᠢᠴᠢᠯᠭᠡᠲᠡᠳ ᠪᠠᠭ᠎ᠠ ᠦᠭᠡᠢ ᠪᠣᠯᠵᠠᠢ᠃ ᠮᠠᠨ ᠤ᠋ ᠪᠣᠳᠣᠬᠤ ᠪᠠᠷ ᠪᠣᠣᠱᠠᠨ ᠤ᠋ ᠦᠰᠦᠭ ᠦ᠋ᠨ ᠣᠨᠴᠠᠯᠢᠭ ᠢ᠋ ᠪᠠᠰᠠ ᠬᠣᠶᠠᠷ ᠱᠠᠲᠤ ᠦᠶ᠎ᠡ ᠬᠤᠪᠢᠶᠠᠨ ᠦᠵᠡᠪᠡᠯ ᠨᠡᠩ ᠣᠨᠣᠪᠴᠢᠲᠠᠢ᠃ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠢ᠋ ᠦᠰᠦᠨ ᠪᠢᠷ ᠢ᠋ᠶ᠋ᠡᠷ ᠪᠢᠴᠢᠵᠦ ᠪᠠᠢᠭᠰᠠᠨ ᠦᠶ᠎ᠡ ᠶ᠋ᠢ ᠨᠢᠭᠡᠳᠦᠭᠡᠷ ᠱᠠᠲᠤ ᠭᠡᠪᠡᠯ ᠬᠢᠴᠢᠶᠡᠯ ᠦ᠋ᠨ ᠪᠢᠴᠢᠭ ᠬᠠᠭᠤᠯᠤᠨ ᠪᠢᠴᠢᠬᠦ ᠪᠡᠨ ᠪᠣᠯᠢᠵᠤ ᠥᠪᠡᠷ ᠦ᠋ᠨ ᠤᠷᠠᠨ ᠪᠢᠴᠢᠯᠭᠡ ᠶ᠋ᠢᠨ ᠦᠵᠡᠰᠬᠦᠯᠡᠩ ᠭᠠᠷᠭᠠᠬᠤ ᠦᠶ᠎ᠡ ᠪᠣᠯᠲᠠᠯ᠎ᠠ ᠪᠢᠴᠢᠭᠰᠡᠨ ᠪᠦᠲᠦᠭᠡᠯ ᠦ᠋ᠳ ᠢ᠋ ᠰᠡᠭᠦᠯᠴᠢ ᠶ᠋ᠢᠨ ᠦᠶ᠎ᠡ ᠶ᠋ᠢᠨ ᠪᠦᠲᠦᠭᠡᠯ ᠪᠤᠶᠤ ᠬᠣᠶᠠᠳᠤᠭᠠᠷ ᠱᠠᠲᠤ ᠶ᠋ᠢᠨ ᠪᠢᠴᠢᠯᠭᠡ ᠭᠡᠮᠡᠨ ᠦᠵᠡᠵᠦ ᠪᠣᠯᠤᠨ᠎ᠠ᠃
ᠪᠤᠤᠱᠠᠨ ᠤ᠋ ᠦᠰᠦᠭ ᠬᠠᠸᠠᠩᠵᠠᠪ ᠤ᠋ᠨ ᠦᠰᠦᠭ ᠦ᠋ᠨ ᠰᠠᠢᠨ ᠲᠠᠢ ᠲᠠᠯ᠎ᠠ ᠰᠢᠯᠢᠳᠡᠭ ᠵᠦᠢᠯ ᠢ᠋ ᠰᠢᠩᠭᠡᠭᠡᠨ ᠠᠪᠤᠭᠠᠳ ᠯᠠ ᠵᠣᠭᠰᠣᠭᠰᠠᠨ ᠶᠤᠮ ᠪᠢᠰᠢ᠂ ᠴᠧᠨ ᠴᠢᠩ ᠶᠦᠨ ᠦ᠌ ᠦᠰᠦᠭ ᠦ᠋ᠨ ᠰᠠᠢᠨ ᠲᠠᠢ ᠲᠠᠯ᠎ᠠ ᠰᠢᠯᠢᠳᠡᠭ ᠵᠦᠢᠯ ᠢ᠋ ᠴᠦ᠍ ᠰᠢᠩᠭᠡᠭᠡᠨ ᠠᠪᠴᠤ ᠣᠷᠭᠠᠨᠢᠭ ᠢ᠋ᠶ᠋ᠠᠷ ᠤᠶᠠᠯᠳᠤᠭᠤᠯᠤᠨ ᠥᠪᠡᠷ ᠦ᠋ᠨ ᠢ᠋ᠶ᠋ᠡᠨ ᠭᠡᠬᠦ ᠬᠡᠪ ᠨᠠᠮᠪᠠ ᠣᠨᠴᠠᠯᠢᠭ ᠢ᠋ ᠪᠦᠷᠢᠯᠳᠦᠭᠦᠯᠵᠦ ᠴᠢᠳᠠᠵᠠᠢ᠃ ᠡᠮᠦᠨ᠎ᠡ ᠦᠶ᠎ᠡ ᠶ᠋ᠢᠨ ᠬᠠᠭᠤᠴᠢᠨ ᠪᠢᠴᠢᠭᠲᠡᠨ ᠦ᠌ ᠦᠰᠦᠨ ᠪᠢᠷ ᠦ᠋ᠨ ᠦᠰᠦᠭ ᠡᠴᠡ ᠰᠢᠮ᠎ᠡ ᠲᠡᠵᠢᠭᠡᠯ ᠬᠦᠷᠲᠡᠭᠰᠡᠨ ᠨᠢ ᠢᠯᠡᠬᠡᠨ᠃ ᠢᠩᠭᠢᠵᠦ ᠴᠧᠨ ᠴᠢᠩ ᠶᠦᠨ ᠦ᠌ ᠦᠰᠦᠭ ᠦ᠋ᠨ ᠬᠣᠯᠪᠣᠭᠠᠰᠤ᠂ ᠬᠠᠸᠠᠩᠵᠠᠪ ᠤ᠋ᠨ ᠦᠰᠦᠭ ᠦ᠋ᠨ ᠠᠢᠵᠠᠮ ᠢ᠋ ᠣᠷᠭᠠᠨᠢᠭ ᠢ᠋ᠶ᠋ᠠᠷ ᠤᠶᠠᠯᠳᠤᠭᠤᠯᠵᠤ ᠴᠢᠳᠠᠭᠰᠠᠨ ᠬᠥᠮᠦᠨ ᠪᠣᠯ ᠪᠤᠤᠱᠠᠨ ᠮᠥᠨ᠃ ᠡᠨᠡ ᠪᠣᠯ ᠪᠤᠤᠱᠠᠨ ᠤ᠋ ᠡᠭᠦᠳᠦᠯᠲᠡ ᠪᠣᠯᠤᠨ᠎ᠠ᠃
ᠦᠰᠦᠭ ᠦᠰᠦᠭ ᠦ᠋ᠨ ᠬᠣᠭᠣᠷᠣᠨᠳᠣᠬᠢ ᠵᠠᠢ ᠶ᠋ᠢ ᠲᠣᠬᠢᠷᠠᠭᠤᠯᠬᠤ ᠲᠠᠯ᠎ᠠ ᠪᠠᠷ ᠪᠤᠤᠱᠠᠨ ᠪᠠᠭᠰᠢ ᠣᠯᠠᠨ ᠠ᠋ᠴᠠ ᠳᠣᠪᠣᠢᠮ᠎ᠠ᠃ ᠵᠠᠷᠢᠮ ᠤᠷᠠᠨ ᠪᠢᠴᠢᠯᠭᠡᠲᠡᠳ ᠤᠷᠤᠭᠰᠢᠯᠠᠭ᠎ᠠ ᠴᠠᠴᠤᠯᠭ᠎ᠠ᠂ ᠣᠷᠬᠢᠴᠠ ᠲᠠᠢ ᠦᠰᠦᠭ ᠦ᠋ᠨ ᠳᠠᠷᠠᠭ᠎ᠠ ᠵᠠᠯᠭᠠᠨ ᠪᠢᠴᠢᠬᠦ ᠰᠢᠨ᠎ᠡ ᠦᠰᠦᠭ ᠢ᠋ᠶ᠋ᠡᠨ ᠨᠢᠭᠡᠮᠦᠰᠦᠨ ᠰᠢᠬᠠᠭᠤᠯᠤᠨ ᠪᠢᠴᠢᠬᠦ ᠦᠵᠡᠭᠳᠡᠯ ᠲᠡᠢ ᠪᠠᠢᠳᠠᠭ ᠠ᠋᠃ ᠢᠩᠭᠢᠬᠦ ᠨᠢ ᠦᠰᠦᠭ ᠦᠰᠦᠭ ᠦ᠋ᠨ ᠬᠣᠭᠣᠷᠣᠨᠳᠣᠬᠢ ᠵᠠᠢ ᠳᠡᠩᠳᠡᠭᠦᠦ ᠶᠠᠭᠰᠢᠷᠠᠵᠤ ᠰᠠᠯᠬᠢ ᠴᠤ᠌ ᠨᠡᠪᠲᠡᠷᠡᠬᠦ ᠦᠭᠡᠢ ᠪᠢᠲᠡᠭᠦᠦ ᠪᠣᠯᠳᠠᠭ᠃ ᠪᠣᠥᠱᠠᠨ ᠬᠠᠷᠢᠨ ᠢᠩᠭᠢᠭᠰᠡᠨ ᠦᠭᠡᠢ᠂ ᠦᠰᠦᠭ ᠦ᠋ᠨ ᠬᠣᠭᠣᠷᠣᠨᠳᠣ ᠠᠳᠠᠭ ᠲᠤ᠌ ᠪᠠᠨ ᠨᠢᠭᠡ ᠳᠤᠰᠤᠯ ᠤ᠋ᠨ ᠵᠠᠢ ᠲᠠᠯᠪᠢᠵᠤ ᠪᠢᠴᠢᠳᠡᠭ ᠢ᠋ᠶ᠋ᠡᠷ ᠢ᠋ᠶ᠋ᠡᠨ ᠠᠮᠢᠰᠬᠤᠯ ᠲᠠᠢ ᠬᠠᠷᠠᠭᠳᠠᠳᠠᠭ᠃
ᠪᠤᠤᠱᠠᠨ ᠤ᠋ ᠦᠰᠦᠭ ᠦ᠋ᠨ ᠨᠢᠷᠤᠭᠤᠨ ᠤ᠋ ᠠᠰᠬᠠᠨ ᠬᠡᠮᠵᠢᠶ᠎ᠡ ᠲᠠᠲᠠᠭᠰᠠᠨ ᠱᠤᠭᠤᠮ ᠰᠢᠭ᠋ ᠠᠰ ᠰᠢᠯᠤᠭᠤᠨ ᠪᠠᠢᠳᠠᠭ᠃ ᠬᠡᠳᠦᠢ ᠣᠯᠠᠨ ᠦᠶᠡᠲᠦ ᠦᠰᠦᠭ ᠪᠢᠴᠢᠭᠰᠡᠨ ᠴᠦ᠍ ᠦᠶ᠎ᠡ ᠦᠶ᠎ᠡ ᠶ᠋ᠢᠨ ᠵᠠᠯᠭᠠᠭᠤᠷ ᠰᠡᠪ ᠦᠭᠡᠢ ᠠᠰ ᠰᠢᠯᠤᠭᠤᠨ ᠠᠮᠠᠳᠠᠭᠤᠯᠳᠠᠭ᠃ ᠵᠢᠷᠤᠯᠭ᠎ᠠ ᠨᠠᠷᠢᠨ ᠭᠤᠪᠠᠢ᠂ ᠭᠡᠪᠡᠴᠦ ᠢᠳᠡᠯᠢᠭ ᠰᠢᠷᠪᠤᠰᠤᠯᠢᠭ᠃ ᠪᠤᠮᠠᠨ ᠳᠠᠬᠢᠨ ᠪᠣᠯᠪᠠᠰᠤᠷᠠᠭᠤᠯᠤᠭᠰᠠᠨ ᠪᠣᠯᠣᠳ ᠳᠡᠭᠡᠰᠦ ᠰᠢᠭ ᠴᠢᠩᠭ᠎ᠠ᠂ ᠲᠦᠮᠡᠨ ᠳᠠᠬᠢᠨ ᠳᠠᠪᠲᠠᠭᠳᠠᠭᠰᠠᠨ ᠲᠡᠮᠦᠷ ᠤᠲᠠᠰᠤ ᠰᠢᠭ᠋ ᠡᠷᠴᠢᠯᠢᠭ᠃ ᠪᠣᠦᠱᠠᠨ ᠤ᠋ ᠡᠨᠡ ᠬᠦ᠌ ᠴᠢᠨᠠᠷ ᠲᠤ᠌ ᠬᠦᠷᠴᠦ ᠴᠢᠳᠠᠭᠰᠠᠨ ᠬᠥᠮᠦᠨ ᠪᠦᠬᠦ ᠤᠯᠤᠰ ᠲᠤ᠌ ᠴᠥᠭᠡᠨ᠃
ᠪᠤᠤᠱᠠᠨ ᠤ᠋ ᠪᠢᠷ ᠬᠡᠷᠡᠭᠯᠡᠬᠦ ᠠᠷᠭ᠎ᠠ ᠪᠣᠯᠪᠠᠰᠤᠷᠠᠨ ᠲᠣᠭᠲᠠᠪᠤᠷᠢᠰᠢᠭᠰᠠᠨ᠂ ᠵᠢᠮ᠎ᠡ ᠶᠣᠰᠣᠴᠢ ᠴᠢᠨᠠᠷ ᠳᠦᠷᠢᠮ ᠭᠣᠷᠢᠮ ᠢ᠋ᠶ᠋ᠠᠷ ᠴᠢᠩᠭ᠎ᠠ᠂ ᠥᠪᠡᠷ ᠦ᠋ᠨ ᠢ᠋ᠶ᠋ᠡᠨ ᠭᠡᠬᠦ ᠬᠡᠪ ᠨᠠᠮᠪᠠ ᠣᠨᠴᠠᠯᠢᠭ ᠰᠢᠨᠵᠢ ᠶ᠋ᠢ ᠪᠦᠷᠢᠯᠳᠦᠭᠦᠯᠵᠦ ᠴᠢᠳᠠᠭᠰᠠᠨ ᠬᠥᠮᠦᠨ᠃ ᠲᠡᠭᠦᠨ ᠦ᠌ ᠬᠡᠪ ᠨᠠᠮᠪᠠ ᠭᠡᠪᠡᠯ᠄ ᠭᠤᠪᠠᠢ ᠴᠢᠮᠪᠠᠢ᠂ ᠬᠡᠭᠡᠨᠴᠢᠷ ᠶᠡᠬᠡᠮᠰᠦᠭ᠂ ᠢᠳᠡᠷᠡᠭᠦᠨ ᠰᠢᠨᠵᠢ ᠲᠡᠢ᠃
ᠪᠤᠤᠱᠠᠨ ᠪᠠᠭᠰᠢ ᠤᠷᠠᠨ ᠪᠢᠴᠢᠯᠭᠡ ᠶ᠋ᠢᠨ ᠲᠡᠦᠬᠡᠨ ᠳᠡᠭᠡᠷ᠎ᠡ ᠵᠢᠳᠬᠦᠯ ᠭᠠᠪᠢᠶ᠎ᠠ ᠶᠡᠬᠡᠲᠡᠢ᠂ ᠨᠥᠯᠥᠭᠡ ᠲᠤᠰᠬᠠᠯ ᠶᠡᠬᠡᠲᠡᠢ ᠬᠥᠮᠦᠨ᠃ ᠲᠡᠷᠡ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠢ᠋ ᠭᠤᠴᠢ ᠭᠠᠷᠤᠢ ᠵᠢᠯ ᠪᠢᠴᠢᠬᠦ ᠳ᠋ᠡᠭᠡᠨ ᠠᠯᠳᠠᠷᠲᠤ ᠤᠷᠠᠨ ᠪᠢᠴᠢᠯᠭᠡᠲᠡᠨ ᠬᠠᠸᠠᠩᠵᠠᠪ ᠤ᠋ᠨ ᠪᠢᠴᠢᠯᠭᠡ ᠬᠢᠭᠡᠳ ᠴᠸᠡ ᠴᠢᠩ ᠶᠦᠨ ᠦ᠌ ᠪᠢᠴᠢᠯᠭᠡ ᠶ᠋ᠢᠨ ᠰᠢᠯᠢᠳᠡᠭ ᠲᠠᠯ᠎ᠠ᠂ ᠰᠠᠢᠨ ᠲᠠᠯ᠎ᠠ ᠶ᠋ᠢ ᠰᠢᠩᠭᠡᠬᠡᠨ ᠠᠪᠴᠤ ᠬᠦᠷᠦᠯᠴᠡᠬᠦ ᠦᠭᠡᠢ ᠭᠡᠵᠦ ᠪᠣᠳᠣᠭᠰᠠᠨ ᠵᠦᠢᠯ ᠳ᠋ᠦ᠍ᠨᠢ ᠳᠠᠬᠢᠨ ᠵᠠᠰᠠᠯᠲᠠ ᠣᠷᠣᠭᠤᠯᠵᠤ ᠥᠪᠡᠷ ᠦ᠋ᠨ ᠭᠡᠬᠦ ᠭᠤᠪᠠᠢ ᠴᠢᠮᠪᠠᠢ᠂ ᠬᠡᠭᠡᠨᠴᠢᠷ ᠶᠡᠬᠡᠮᠰᠦᠭ᠂ ᠢᠳᠡᠷᠡᠭᠦᠨ ᠰᠢᠨᠵᠢ ᠲᠡᠢ ᠲᠥᠪ ᠪᠢᠴᠢᠯᠭᠡ ᠶ᠋ᠢᠨ ᠲᠢᠭ ᠢ᠋ ᠡᠭᠦᠳᠦᠨ ᠭᠠᠷᠭᠠᠵᠠᠢ᠃ ᠣᠨᠴᠠᠭᠠᠢᠯᠠᠨ ᠮᠣᠩᠭᠣᠯ ᠦᠰᠦᠭ ᠦ᠋ᠨ ᠪᠦᠲᠦᠴᠡ᠂ ᠵᠢᠷᠤᠯᠭ᠎ᠠ ᠶ᠋ᠢᠨ ᠤᠷᠲᠤ ᠣᠬᠣᠷ ᠤ᠋ᠨ ᠬᠠᠷᠢᠴᠠᠯ᠂ ᠨᠠᠷᠢᠨ ᠪᠦᠳᠦᠭᠦᠨ ᠦ᠌ ᠵᠣᠬᠢᠴᠠᠯ᠂ ᠶᠡᠬᠡ ᠪᠠᠭ᠎ᠠ ᠶ᠋ᠢᠨ ᠬᠡᠮᠵᠢᠶ᠎ᠡ ᠵᠡᠷᠭᠡ ᠣᠯᠠᠨ ᠵᠣᠬᠢᠴᠠᠯ ᠢ᠋ ᠲᠠᠭᠠᠷᠠᠭᠤᠯᠵᠤ ᠴᠢᠳᠠᠭᠰᠠᠨ ᠬᠥᠮᠦᠨ᠃ ᠲᠡᠭᠦᠨ ᠦ᠌ ᠦᠰᠦᠭ ᠦ᠋ᠨ ᠪᠣᠢ ᠪᠦᠬᠦᠢ ᠵᠢᠷᠤᠯᠭ᠎ᠠ ᠨᠤᠭᠤᠳ ᠮᠣᠩᠭᠣᠯ ᠦᠰᠦᠭ ᠦ᠋ᠨ ᠲᠠᠪᠤᠨ ᠱᠤᠭᠤᠮ ᠤ᠋ᠨ ᠶᠣᠰᠣᠨ ᠳ᠋ᠤ᠌ ᠲᠣᠬᠢᠷᠠᠯᠴᠠᠵᠤ ᠴᠢᠳᠠᠭᠰᠠᠨ ᠨᠢ ᠦᠨᠡᠬᠡᠷ ᠭᠠᠢᠬᠠᠮᠰᠢᠭ ᠲᠠᠢ᠃ ᠢᠩᠭᠢᠵᠦ ᠦᠵᠡᠬᠦ ᠳ᠋ᠦ᠍ ᠪᠤᠤᠱᠠᠨ ᠪᠣᠯ ᠲᠠᠪᠤᠨ ᠱᠤᠭᠤᠮ ᠤ᠋ᠨ ᠣᠨᠣᠯ ᠤᠬᠠᠭᠠᠨ ᠢ᠋ ᠲᠡᠭᠦᠯᠳᠡᠷᠵᠢᠭᠦᠯᠦᠭᠰᠡᠨ᠂ ᠲᠡᠷᠡ ᠬᠦ᠌ ᠶᠣᠰᠣᠨ ᠢ᠋ ᠪᠠᠲᠤᠳᠬᠠᠭᠰᠠᠨ ᠡᠷᠳᠡᠮᠲᠡᠨ ᠦ᠌ ᠨᠢᠭᠡ ᠪᠣᠯᠤᠨ᠎ᠠ᠃ ᠲᠥᠪ ᠪᠢᠴᠢᠯᠭᠡ ᠶ᠋ᠢᠨ ᠦᠰᠦᠭ ᠢ᠋ ᠣᠷᠭᠢᠯ ᠳ᠋ᠤᠨᠢ ᠬᠦᠷᠭᠡᠵᠦ ᠴᠢᠳᠠᠭᠰᠠᠨ ᠬᠥᠮᠦᠨ ᠪᠣᠯ ᠪᠤᠤᠱᠠᠨ ᠮᠥᠨ᠃ ᠪᠤᠤᠱᠠᠨ ᠪᠣᠯ ᠮᠣᠩᠭᠣᠯ ᠰᠣᠶᠣᠯ ᠰᠤᠷᠭᠠᠨ ᠬᠥᠮᠦᠵᠢᠯ ᠦ᠋ᠨ ᠦᠢᠯᠡᠰ ᠦ᠋ᠨ ᠲᠥᠯᠥᠭᠡ ᠶᠣᠰᠣᠲᠠᠢ ᠴᠤᠴᠠᠯᠲᠠ ᠦᠭᠡᠢ ᠴᠢᠷᠮᠠᠢᠭᠰᠠᠨ ᠵᠢᠳᠬᠦᠯᠲᠡᠨ ᠮᠥᠨ᠂ ᠭᠠᠪᠢᠶᠠᠲᠠᠨ ᠮᠥᠨ᠃ ᠲᠥᠪ ᠪᠢᠴᠢᠯᠭᠡ ᠶ᠋ᠢᠨ ᠠᠪᠤᠷᠭᠤ ᠳᠠᠷᠬᠠᠨ ᠮᠥᠨ᠃ ᠣᠷᠴᠢᠨ ᠴᠠᠭ ᠤ᠋ᠨ ᠮᠣᠩᠭᠣᠯ ᠤᠷᠠᠨ ᠪᠢᠴᠢᠯᠭᠡ ᠶ᠋ᠢᠨ ᠲᠥᠪ ᠪᠢᠴᠢᠯᠭᠡ ᠶ᠋ᠢᠨ ᠬᠥᠭᠵᠢᠯ ᠦ᠋ᠨ ᠣᠷᠭᠢᠯ ᠢ᠋ ᠲᠥᠯᠥᠭᠡᠯᠡᠵᠦ ᠴᠢᠳᠠᠬᠤ ᠬᠥᠮᠦᠨ᠃ ᠮᠣᠩᠭᠣᠯ ᠤᠷᠠᠨ ᠪᠢᠴᠢᠯᠭᠡ ᠶ᠋ᠢᠨ ᠲᠥᠪ ᠪᠢᠴᠢᠯᠭᠡ ᠶ᠋ᠢᠨ 《 ᠧᠦ ᠶᠠᠩ ᠰᠢᠶᠦ᠋ᠨ 》 ᠭᠡᠵᠦ ᠬᠡᠯᠡᠵᠦ ᠪᠣᠯᠤᠨ᠎ᠠ᠃ ᠪᠠᠰᠠ ᠮᠠᠰᠢ ᠣᠯᠠᠨ ᠮᠣᠩᠭᠣᠯ ᠤᠷᠠᠨ ᠪᠢᠴᠢᠯᠭᠡ ᠶ᠋ᠢᠨ ᠱᠠᠪᠢ ᠨᠠᠷ ᠢ᠋ ᠬᠥᠮᠦᠵᠢᠭᠦᠯᠦᠨ ᠰᠤᠷᠭᠠᠵᠠᠢ᠃ ᠲᠡᠭᠦᠨ ᠦ᠌ ᠨᠥᠯᠥᠭᠡ ᠪᠡᠷ ᠰᠢ ᠶᠢᠨᠵᠦᠦᠷ᠂ ᠬᠦᠨᠡᠰᠦᠲᠦ᠂ ᠠᠯᠲᠠᠨᠰᠤᠭᠤᠨᠠᠭ᠂ ᠪᠢᠯᠢᠭᠲᠦ᠂ ᠰᠡᠴᠡᠨᠲᠤᠶᠠᠭ᠎ᠠ᠂ ᠰᠠᠢᠨᠵᠠᠶᠠᠭᠠ᠂ ᠮᠥᠩᠭᠦᠨᠴᠡᠴᠡᠭ᠂ ᠭᠤ ᠪᠢᠰᠢᠷᠡᠯᠲᠦ᠂ ᠰᠠᠢᠬᠠᠨᠬᠤᠸᠠᠷ᠂ ᠪᠤᠤ ᡁᠢ ᠬᠤᠸᠠ᠂ ᠡᠷᠳᠡᠨᠢᠪᠥ᠋ᠬᠡ( ᠪᠠᠭ᠎ᠠ )᠂ ᠰᠠᠷᠠᠩᠭᠣᠸᠠ᠂ ᠬᠠᠢ ᠰᠢᠶᠦ᠋ᠩ᠂ ᠮᠠᠨᠳᠤᠬᠤ ᠮᠡᠲᠦ ᠵᠠᠯᠠᠭᠤ ᠤᠷᠠᠨ ᠪᠢᠴᠢᠯᠭᠡᠲᠡᠳ ᠬᠥᠮᠦᠵᠢᠭᠳᠡᠨ ᠭᠠᠷᠴᠤ ᠪᠠᠢᠨ᠎ᠠ᠃ ᠪᠤᠤᠱᠠᠨ ᠤ᠋ ᠦᠰᠦᠭ ᠲᠥᠪ ᠪᠢᠴᠢᠯᠭᠡ ᠶ᠋ᠢᠨ ᠪᠠᠭ᠎ᠠ ᠬᠡᠪ ᠦ᠋ᠨ ᠦᠰᠦᠭ ᠪᠢᠴᠢᠬᠦ ᠳ᠋ᠦ᠍ ᠨᠡᠩ ᠲᠣᠬᠢᠷᠠᠮᠵᠢᠲᠠᠢ᠃ ᠲᠡᠷᠡ ᠳᠤᠮᠳᠠᠳᠤ ᠤᠯᠤᠰ ᠤ᠋ᠨ ᠤᠷᠠᠨ ᠪᠢᠴᠢᠯᠭᠡᠲᠡᠳ ᠦ᠋ᠨ ᠨᠡᠢᠭᠡᠮᠯᠢᠭ ᠦ᠋ᠨ ᠭᠡᠰᠢᠭᠦᠨ᠂ ᠳᠣᠷᠣᠨᠠᠳᠠᠬᠢᠨ ᠤ᠋ ᠤᠷᠠᠨ ᠪᠢᠴᠢᠯᠭᠡ ᠵᠢᠷᠤᠭ ᠤᠷᠠᠯᠢᠭ ᠤ᠋ᠨ ᠰᠤᠳᠤᠯᠭᠠᠨ ᠤ᠋ ᠬᠦᠷᠢᠶᠡᠯᠡᠩ ᠦ᠋ᠨ ᠨᠡᠷ᠎ᠡ ᠬᠦᠨᠳᠦᠲᠦ ᠳᠠᠷᠤᠭ᠎ᠠ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠲᠡᠦᠬᠡ ᠰᠤᠳᠤᠯᠬᠤ ᠣᠷᠳᠣᠨ ᠤ᠋ ᠰᠡᠩᠴᠢᠨ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠮᠣᠩᠭᠣᠯ ᠤᠷᠠᠨ ᠪᠢᠴᠢᠯᠭᠡᠲᠡᠳ ᠦ᠋ᠨ ᠨᠡᠢᠭᠡᠮᠯᠢᠭ ᠦ᠋ᠨ ᠳᠡᠳ᠋ ᠲᠡᠷᠢᠭᠦᠯᠩᠴᠢ ᠵᠡᠷᠭᠡ ᠨᠡᠢᠭᠡᠮ ᠦ᠋ᠨ ᠲᠤᠰᠢᠶᠠᠯ ᠲᠠᠢ ᠪᠠᠢᠵᠠᠢ᠃ ᠤᠷᠠᠨ ᠪᠢᠴᠢᠯᠭᠡ ᠶ᠋ᠢᠨ ᠣᠯᠠᠨ ᠵᠦᠢᠯ ᠦ᠋ᠨ ᠱᠠᠩᠨᠠᠯ ᠢ᠋ ᠨᠡᠢᠲᠡ ᠲᠠᠪᠢ ᠭᠠᠷᠤᠢ ᠤᠳᠠᠭ᠎ᠠ ᠬᠦᠷᠲᠡᠵᠦ᠂ ᠨᠠᠮᠲᠠᠷ ᠪᠠ ᠪᠦᠲᠦᠭᠡᠯ ᠨᠢ 《 ᠳᠡᠯᠡᠬᠡᠢ ᠶ᠋ᠢᠨ ᠣᠳᠣ ᠦᠶ᠎ᠡ ᠶ᠋ᠢᠨ ᠤᠷᠠᠨ ᠪᠢᠴᠢᠯᠭᠡᠲᠡᠨ᠂ ᠲᠠᠮᠠᠭ᠎ᠠ ᠰᠡᠢᠯᠦᠮᠡᠯᠴᠢᠨ ᠦ᠌ ᠲᠣᠮᠣ ᠲᠣᠯᠢ 》 ᠵᠡᠷᠭᠡ ᠠᠷᠪᠠᠨ ᠲᠠᠪᠤᠨ ᠲᠥᠷᠥᠯ ᠦ᠋ᠨ ᠰᠣᠩᠭᠣᠳᠠᠭ ᠨᠣᠮ ᠪᠢᠴᠢᠭ ᠲᠦ᠍ ᠣᠷᠣᠵᠤ᠂ 《 ᠳᠡᠯᠡᠬᠡᠢ ᠶ᠋ᠢᠨ ᠪᠢᠴᠢᠯᠭᠡ᠂ ᠵᠢᠷᠤᠭ ᠤᠷᠠᠯᠢᠭ ᠤ᠋ᠨ ᠨᠡᠷᠡᠲᠦ ᠬᠥᠮᠦᠰ 》 ᠦ᠋ᠨ ᠴᠣᠯᠠ ᠶ᠋ᠢ ᠣᠯᠪᠠ᠃
ᠪᠤᠥᠱᠠᠨ ᠤ᠋ ᠲᠥᠪ ᠪᠢᠴᠢᠯᠭᠡ 1 ( ᠬᠡᠰᠡᠭᠯᠡᠨ ᠰᠣᠩᠭᠣᠪᠠ )

ᠪᠤᠥᠱᠠᠨ ᠤ᠋ ᠲᠥᠪ ᠪᠢᠴᠢᠯᠭᠡ 2

ᠪᠤᠥᠱᠠᠨ ᠤ᠋ ᠭᠦᠶᠦᠯᠭᠡᠨ ᠪᠢᠴᠢᠯᠭᠡ

