ᠨᠤᠲᠤᠭ ᠤᠨ ᠮᠥᠴᠡᠯᠭᠡ – ᠴᠣ ᠂ ᠣᠷᠱᠤᠨ Нутгийн мөчлөг – Чо ᠂ Оршин
ᠨᠤᠲᠤᠭ ᠤᠨ ᠮᠥᠴᠡᠯᠭᠡ
ᠥᠨᠳᠥᠷ ᠬᠠᠷᠠᠭᠠᠨᠠᠲᠠᠢ
ᠳᠥᠴᠢᠨ ᠭᠠᠵᠠᠷ ᠤ᠋ᠨ ᠠᠯᠤᠰ ᠲᠡᠷᠲᠡᠭᠡ ᠡᠴᠡ ᠲᠦᠩᠬᠦᠢᠵᠦ ᠵᠡᠷᠭᠡᠯᠲᠦᠬᠦ ᠬᠠᠷᠠᠭᠠᠨᠠᠲᠠᠢ ᠬᠠᠢᠷᠬᠠᠨ
ᠰᠢᠨᠳᠠᠰᠤᠲᠤ ᠡᠷ᠎ᠡ ᠶ᠋ᠢᠨ ᠰᠦᠷᠯᠢᠭ ᠳᠦᠷᠢ ᠰᠢᠭ
ᠰᠢᠯᠢ ᠶ᠋ᠢᠨ ᠵᠣ ᠳ᠋ᠠᠭᠠᠨ ᠲᠦᠮᠠᠢᠵᠦ ᠤᠨᠢᠶᠠᠷᠲᠤᠨ᠎ᠠ᠂
ᠬᠣᠷᠸ᠎ᠠ ᠨᠡᠢᠭᠡᠮ ᠢ᠋ ᠦᠵᠡᠭᠰᠡᠨ ᠵᠢᠰᠦ ᠨᠢ
ᠬᠤᠪᠢᠷᠠᠵᠤ ᠰᠢᠨᠡᠳᠦᠭᠡᠳ ᠭᠢᠯᠠᠷᠠᠵᠤ ᠪᠠᠢᠨ᠎ᠠ
ᠬᠠᠢᠯᠠᠷ ᠵᠠᠮ ᠤ᠋ᠨ ᠲᠣᠭᠣᠰᠣᠲᠤ ᠬᠥᠨᠳᠡᠢ ᠪᠡᠨ
ᠬᠠᠷᠠᠭᠤᠯ ᠤ᠋ᠨ ᠴᠡᠷᠢᠭ ᠰᠢᠭ ᠪᠤᠭᠤᠷᠤᠯᠲᠤᠵᠤ ᠰᠠᠬᠢᠨ᠎ᠠ᠂
ᠳᠠᠭᠤᠤ ᠳ᠋ᠤ᠌ ᠭᠠᠷᠳᠠᠭ ᠬᠠᠷᠠᠭᠠᠨᠠᠲᠠᠢ ᠬᠠᠢᠷᠬᠠᠨ ᠮᠢᠨᠢ
ᠳᠤᠯᠠᠢᠮᠠ ᠴᠡᠩᠬᠡᠷᠯᠡᠭᠡᠳ ᠶᠠᠭᠤᠲᠠᠢ ᠭᠣᠶᠣ ᠪᠣᠢ!
ᠳᠤᠷᠠᠯᠠᠯ ᠮᠠᠨᠠᠭᠳᠠᠭᠰᠠᠨ ᠬᠠᠢᠷ᠎ᠠ ᠶ᠋ᠢᠨ ᠰᠡᠳᠬᠢᠯ ᠳ᠋ᠦ᠍
ᠳᠤᠷᠠᠳᠬᠠᠯ ᠰᠢᠪᠡᠨᠡᠬᠦ ᠨᠢ ᠶᠠᠭᠤᠨ ᠤ᠋ ᠬᠢ ᠴᠤ᠌ ᠪᠢᠯᠡ⁈
ᠪᠠᠶᠠᠨ ᠴᠠᠭᠠᠨ
ᠪᠠᠢᠴᠠ ᠬᠠᠨᠠᠭᠠᠷ ᠲᠠᠯ᠎ᠠ ᠶ᠋ᠢᠨ ᠥᠷᠥᠴᠡ ᠳ᠋ᠦ᠍
ᠪᠠᠶᠠᠨ ᠴᠠᠭᠠᠨ ᠰᠦᠮᠡᠢᠨ ᠰᠦᠮᠡᠢᠨᠡ
ᠬᠣᠨᠳᠣᠯᠠᠢ ᠵᠣ ᠪᠠᠷ ᠨᠢ ᠰᠦᠷᠦᠭ ᠬᠤᠴᠢᠵᠤ
ᠬᠣᠲᠠ ᠲᠠᠢ ᠠᠢᠯ ᠡᠯᠢᠭᠡᠨ ᠳ᠋ᠦ᠍ᠨᠢ ᠢᠷᠠᠢᠨ᠎ᠠ
ᠳᠡᠭᠡᠷ᠎ᠡ ᠨᠢ ᠪᠡᠯᠴᠢᠬᠦ ᠮᠠᠯ ᠡᠷᠳᠡᠨᠢ
ᠳᠡᠷᠭᠡᠳᠡ ᠨᠢ ᠨᠡᠭᠡᠭᠡᠭᠳᠡᠬᠦ ᠠᠭᠤᠷᠬᠠᠢ ᠡᠷᠳᠡᠨᠢ
ᠳᠣᠣᠷ᠎ᠠ ᠨᠢ ᠢᠨᠢᠶᠡᠬᠦ ᠨᠡᠭᠦᠷᠡᠰᠦ ᠡᠷᠳᠡᠨᠢ
ᠳᠣᠲᠣᠷ᠎ᠠ ᠨᠢ ᠮᠦᠰᠢᠶᠡᠬᠦ ᠬᠤᠵᠢᠷ ᠡᠷᠳᠡᠨᠢ᠃
ᠬᠠᠪᠰᠡᠯ ᠦ᠋ᠨ ᠬᠣᠭᠣᠯᠠᠢ
ᠬᠠᠪᠰᠡᠯ ᠦ᠋ᠨ ᠬᠣᠭᠣᠯᠠᠢ ᠶ᠋ᠢᠨ ᠡᠪᠡᠰᠦ ᠤᠷᠭᠤᠮᠠᠯ
ᠬᠠᠭᠳᠠ ᠦᠭᠡᠢ ᠬᠠᠯᠢᠭᠤᠷᠠᠭᠠᠳ ᠥᠩ ᠲᠣᠰᠣᠯᠢᠭ
ᠬᠠᠷ᠎ᠠ ᠨᠢᠳᠦᠲᠡᠢ ᠬᠡᠦᠬᠡᠳ ᠨᠢ ᠬᠦᠷᠲᠡᠯ᠎ᠡ
ᠬᠠᠷᠠᠬᠤ ᠠ᠋ᠴᠠ ᠢᠯᠳᠠᠮ ᠰᠡᠳᠬᠢᠯ ᠳ᠋ᠦ᠍ ᠳᠣᠲᠣᠨᠣᠬᠠᠨ᠂
ᠥᠰᠴᠦ ᠦᠷᠡᠵᠢᠬᠦ ᠮᠠᠯ ᠨᠢ
ᠥᠨᠢᠷ ᠮᠥᠷᠲᠡᠭᠡᠨ ᠲᠠᠷᠭᠤᠨ ᠴᠠᠳᠬᠤᠯᠠᠩ
ᠥᠮᠴᠢᠯᠡᠵᠦ᠂ ᠪᠠᠢᠳᠠᠭ ᠮᠠᠯᠴᠢᠨ ᠲᠦᠮᠡᠨ ᠦ᠌ ᠬᠢᠨᠢ
ᠥᠨᠢ ᠶ᠋ᠢᠨ ᠵᠠᠶᠠᠭ᠎ᠠ ᠥᠭᠡᠳᠡᠷᠬᠡᠭ ᠰᠠᠢᠬᠠᠨ᠃
ᠳᠠᠯᠠᠩ ᠤ᠋ᠨ ᠣᠪᠣᠭ᠎ᠠ
ᠭᠠᠯᠵᠤᠳ ᠣᠪᠣᠭ ᠤ᠋ᠨ ᠰᠦᠷ ᠢ᠋ ᠡᠷᠭᠦᠵᠦ
ᠭᠠᠩᠭᠠᠩ ᠪᠠᠢᠭᠠᠯᠢ ᠶ᠋ᠢᠨ ᠦᠵᠡᠮᠵᠢ ᠶ᠋ᠢ ᠰᠣᠷᠯᠠᠵᠤ
ᠳᠠᠯᠠᠢ ᠳᠡᠷᠡᠰᠦᠨ ᠦ᠌ ᠬᠣᠰᠢᠭᠤ ᠴᠢᠮᠡᠭᠰᠡᠨ
ᠳᠠᠷᠬᠠᠨ ᠣᠪᠣᠭᠠᠨ ᠤ᠋ ᠵᠢᠪᠬᠤᠭ᠎ᠠ ᠶᠡᠬᠡᠮᠰᠦᠭ᠂
ᠵᠠᠭᠤᠨ ᠢ᠋ᠶ᠋ᠠᠷ ᠠᠯᠤᠰᠯᠠᠭᠰᠠᠨ ᠣᠨ ᠤ᠋ ᠬᠦᠷᠳᠦᠨ ᠳ᠋ᠦ᠍
ᠨᠠᠰᠤ ᠪᠠᠷ ᠥᠨᠳᠥᠷ ᠣᠪᠣᠭ᠎ᠠ ᠪᠠᠢᠨ᠎ᠠ
ᠵᠤᠨ ᠤ᠋ ᠰᠠᠢᠬᠠᠨ ᠳ᠋ᠤ᠌ ᠨᠠᠯᠠᠢᠵᠤ ᠴᠡᠩᠬᠡᠷᠯᠡᠭᠰᠡᠨ
ᠨᠠᠷᠠ ᠪᠠᠨ ᠡᠷᠭᠦᠭᠰᠡᠨ ᠰᠢᠲᠦᠯᠭᠡ ᠪᠠᠢᠨ᠎ᠠ᠂
ᠡᠷᠭᠢᠵᠦ ᠤᠯᠠᠷᠢᠬᠤ ᠶᠢᠷᠲᠢᠨᠴᠦ ᠶ᠋ᠢᠨ ᠵᠠᠢ ᠳ᠋ᠤ᠌
ᠡᠷ᠎ᠡ ᠶ᠋ᠢᠨ ᠭᠤᠷᠪᠠᠨ ᠨᠠᠭᠠᠳᠤᠮ ᠳ᠋ᠠᠭᠠᠨ ᠪᠠᠶᠠᠰᠤᠭᠠᠷᠠᠢ!
ᠡᠷᠬᠢᠮᠨᠡᠵᠤ ᠪᠣᠳᠣᠬᠤ ᠬᠣᠢᠴᠢ ᠶ᠋ᠢᠨ ᠨᠢᠭᠡ ᠪᠡᠷ
ᠡᠷ᠎ᠡ ᠶ᠋ᠢᠨ ᠬᠡᠢᠮᠣᠷᠢ ᠪᠠᠨ ᠰᠡᠷᠭᠦᠭᠡᠵᠦ ᠪᠠᠢᠶ᠎ᠠ!
ᠮᠢᠨᠦ ᠨᠡᠷ᠎ᠡ ᠲᠡᠢ ᠰᠢᠯᠦᠭ
ᠣᠷᠱᠤᠨ ᠭᠣᠣᠯ ᠢ᠋ ᠬᠥᠮᠦᠨ
ᠦᠶᠡᠷᠯᠡᠯ᠎ᠡ᠂ ᠬᠠᠯᠭᠢᠯᠠᠯᠠ ᠭᠡᠯᠴᠡᠬᠦ ᠶᠦᠮ
ᠣᠷᠱᠤᠨ ᠨᠡᠷ᠎ᠡ ᠶ᠋ᠢ ᠮᠢᠨᠢ ᠴᠤ᠌
ᠲᠡᠭᠦᠨ ᠢ᠋ᠶ᠋ᠡᠷ ᠵᠢᠱ᠌ᠢᠶᠡᠯᠡᠬᠦ ᠶᠦᠮ ᠵᠦᠢᠷᠯᠡᠬᠦ ᠶᠦᠮ᠃
ᠣᠨ ᠣᠨ ᠵᠣᠭᠰᠣᠯ ᠦᠭᠡᠢ
ᠤᠷᠤᠰᠤᠭᠠᠳ ᠪᠠᠢᠳᠠᠭ᠂ ᠣᠷᠱᠤᠨ ᠭᠣᠣᠯ ᠢ᠋
ᠡᠷᠭᠢ ᠪᠡᠨ ᠰᠡᠲᠡᠯᠦᠨ ᠭᠠᠮᠰᠢᠭ ᠤᠴᠠᠷᠠᠭᠤᠯᠵᠤ
ᠢᠲᠡᠭᠡᠯ ᠢ᠋ᠶ᠋ᠡᠨ ᠠᠯᠲᠠᠨ ᠭᠠᠢ ᠲᠠᠷᠢᠭᠰᠠᠨ ᠢ᠋
ᠪᠢ ᠰᠣᠨᠣᠰᠤᠭᠰᠠᠨ ᠦᠭᠡᠢ
ᠪᠡᠶ᠎ᠡ ᠪᠡᠷ ᠢ᠋ᠶ᠋ᠡᠨ ᠦᠵᠡᠭᠰᠡᠨ ᠦᠭᠡᠢ᠃
ᠬᠠᠷᠢᠨ ᠮᠡᠯᠮᠡᠷᠡᠵᠦ ᠳᠣᠨᠣᠯᠵᠠᠭᠠᠳ
ᠮᠡᠯᠲᠡᠷᠡᠵᠦ ᠳᠣᠯᠭᠢᠶᠠᠯᠠᠭᠠᠳ
ᠲᠣᠬᠣᠢ ᠳᠡᠨᠵᠢ ᠪᠡᠷ ᠢ᠋ᠶ᠋ᠡᠨ
ᠮᠠᠯᠴᠢᠳ ᠤ᠋ᠨ ᠰᠠᠭᠤᠷᠢᠰᠢᠯ ᠢ᠋ ᠥᠯᠥᠭᠡᠢᠳᠡᠵᠦ
ᠲᠤᠩᠭᠠᠯᠠᠭ ᠤᠰᠤᠨ ᠢ᠋ᠶ᠋ᠠᠷ ᠢ᠋ᠶ᠋ᠠᠨ
ᠮᠠᠯ ᠰᠦᠷᠦᠭ ᠢ᠋ ᠮᠢᠨᠢ ᠤᠮᠳᠠᠯᠠᠭᠠᠳ
ᠬᠥᠯᠥᠨ ᠳᠠᠯᠠᠢ ᠳ᠋ᠠᠭᠠᠨ
ᠬᠥᠭᠰᠡᠵᠦ ᠤᠴᠠᠷᠠᠳᠠᠭ ᠢ᠋
ᠬᠥᠮᠦᠨ ᠠᠷᠠᠳ ᠣᠢᠯᠠᠭᠠᠳᠠᠭ
ᠬᠥᠯᠥᠨ ᠪᠤᠢᠷ ᠣᠨᠴᠠᠯᠠᠳᠠᠭ᠃
ᠪᠣᠳᠣᠬᠤ ᠳ᠋ᠤ᠌ ᠪᠤᠯᠠᠩᠭᠢᠷ ᠦᠭᠡᠢ ᠴᠡᠩᠬᠡᠷᠯᠡᠬᠦ
ᠪᠣᠯᠣᠷ ᠲᠣᠯᠢᠨ ᠣᠷᠱᠤᠨ ᠮᠢᠨᠢ
ᠠᠷᠠᠳ ᠲᠦᠮᠡᠨ ᠢ᠋ᠶ᠋ᠡᠨ ᠳᠠᠭᠤᠯᠠᠬᠤ ᠭᠡᠵᠦ
ᠠᠵᠢᠯ ᠦᠢᠯᠡᠰ ᠢ᠋ᠶ᠋ᠡᠨ ᠮᠠᠭᠲᠠᠬᠤ ᠭᠡᠵᠦ
ᠡᠳᠦᠷ ᠰᠥᠨᠢ ᠦᠭᠡᠢ ᠤᠷᠤᠰᠳᠠᠭ ᠪᠠᠢᠯᠭᠦᠢ
ᠦᠶ᠎ᠡ ᠮᠥᠩᠬᠡᠯᠡᠨ ᠤᠶᠠᠩᠭᠠᠷᠠᠳᠠᠭ ᠯᠠ ᠪᠠᠢᠯᠭᠦᠢ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 26
