ᠠᠷᠴᠠАрц

ᠠᠷᠴᠠ( ᠬᠠᠪᠲᠠᠭᠠᠢ ᠠᠷᠴᠠ)
ᠠᠷᠴᠠ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂ 15—20m ᠥᠨᠳᠥᠷ᠃ ᠣᠯᠠᠪᠲᠤᠷ ᠬᠦᠷᠡᠩ ᠪᠤᠶᠤ ᠬᠠᠷᠠᠪᠲᠤᠷ ᠬᠦᠷᠡᠩ ᠬᠣᠯᠲᠣᠰᠣ ᠲᠠᠢ᠃ ᠵᠢᠵᠢᠭ ᠮᠥᠴᠢᠷ ᠨᠢ ᠬᠠᠪᠲᠠᠭᠠᠢ ᠪᠥᠭᠡᠳ ᠰᠢᠯᠤᠭᠤᠨ ᠤᠷᠭᠤᠬᠤ ᠪᠣᠯᠬᠣᠷ ᠣᠯᠠᠩᠬᠢ ᠳ᠋ᠠᠭᠠᠨ ᠭᠠᠵᠠᠷ ᠲᠠᠢ ᠡᠭᠴᠡ ᠥᠨᠴᠥᠭᠲᠦ ᠪᠡᠷ ᠪᠠᠢᠷᠢᠯᠠᠨ᠎ᠠ᠃ ᠨᠠᠪᠴᠢ ᠨᠢ ᠬᠠᠢᠷᠰᠤᠨ ᠬᠡᠯᠪᠡᠷᠢ ᠲᠡᠢ᠂1—3mm ᠤᠷᠲᠤ᠂ ᠠᠷᠤ ᠳ᠋ᠠᠭᠠᠨ ᠨᠢᠭᠡᠨ ᠪᠤᠯᠴᠢᠷᠬᠠᠢ ᠶ᠋ᠢᠨ ᠬᠣᠪᠢᠯ ᠲᠠᠢ᠂ ᠦᠵᠦᠭᠦᠷ ᠨᠢ ᠭᠠᠳᠠᠭᠰᠢ ᠰᠡᠷᠪᠡᠢᠨ ᠮᠥᠴᠢᠷ ᠳᠡᠭᠡᠷ᠎ᠡ ᠪᠡᠨ ᠰᠣᠯᠪᠢᠴᠠᠵᠤ ᠴᠢᠭᠲᠠᠯᠠᠨ ᠤᠷᠭᠤᠨ᠎ᠠ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠂ ᠪᠦᠷ ᠵᠢᠵᠢᠭ ᠮᠥᠴᠢᠷ ᠦ᠋ᠨ ᠣᠷᠣᠢ ᠳ᠋ᠤ᠌ ᠤᠷᠭᠤᠨ᠎ᠠ᠃ ᠡᠷ᠎ᠡ ᠪᠠᠭ ᠴᠡᠴᠡᠭ ᠨᠢ ᠰᠢᠷ᠎ᠠ ᠪᠥᠭᠡᠳ ᠵᠢᠷᠭᠤᠭᠠᠨ ᠬᠣᠣᠰ ᠡᠷ᠎ᠡ ᠲᠣᠭᠣᠷᠴᠣᠭ ᠲᠠᠢ; ᠡᠮ᠎ᠡ ᠪᠠᠭ ᠴᠡᠴᠡᠭ ᠨᠢ ᠪᠥᠮᠪᠦᠭᠡᠨ ᠬᠡᠯᠪᠡᠷᠢ ᠲᠡᠢ᠂ ᠪᠣᠷᠣ ᠥᠩᠭᠡ ᠲᠡᠢ᠃ ᠪᠣᠷᠭᠣᠴᠣᠭ ᠨᠢ ᠥᠨᠳᠡᠭᠡᠯᠵᠢᠨ᠂ 1᠂5—2 cm ᠤᠷᠲᠤ᠂ ᠲᠤᠰ ᠵᠢᠯ ᠳ᠋ᠡᠭᠡᠨ ᠪᠣᠯᠪᠠᠰᠤᠷᠠᠨ᠎ᠠ᠂6—8 ᠵᠤᠵᠠᠭᠠᠪᠲᠤᠷ ᠮᠢᠬᠠᠯᠢᠭ ᠦᠷ᠎ᠡ ᠶ᠋ᠢᠨ ᠬᠠᠢᠷᠰᠤ ᠲᠠᠢ᠂ ᠡᠬᠢᠨ ᠳ᠋ᠡᠭᠡᠨ ᠬᠥᠬᠡᠪᠲᠦᠷ ᠨᠣᠭᠣᠭᠠᠨ᠂ ᠴᠠᠭᠠᠨ ᠣ ᠲᠠᠢ᠂ ᠪᠣᠯᠪᠠᠰᠤᠷᠠᠪᠠᠯ ᠮᠣᠳᠣᠵᠢᠨᠠ᠂ ᠤᠯᠠᠭᠠᠨ ᠬᠦᠷᠡᠩ ᠪᠣᠯᠵᠤ ᠬᠤᠪᠢᠷᠠᠬᠤ ᠪᠥᠭᠡᠳ ᠬᠠᠭᠠᠷᠠᠨ᠎ᠠ᠃ ᠦᠷ᠎ᠡ ᠨᠢ ᠥᠨᠳᠡᠭᠡᠯᠵᠢᠨ᠂ ᠰᠢᠷᠠᠪᠲᠤᠷ ᠬᠦᠷᠡᠩ᠂ ᠳᠠᠯᠠᠪᠴᠢ ᠦᠭᠡᠢ᠂ ᠢᠷᠮᠡᠭ ᠲᠡᠢ; ᠦᠷ᠎ᠡ ᠶ᠋ᠢᠨ ᠬᠠᠢᠷᠰᠤ ᠶ᠋ᠢᠨ ᠠᠷᠤ ᠲᠠᠯ᠎ᠠ ᠶ᠋ᠢᠨ ᠣᠷᠣᠢ ᠣᠷᠴᠢᠮ ᠳ᠋ᠤᠨᠢ ᠭᠠᠳᠠᠭᠰᠢ ᠮᠠᠲᠠᠭᠠᠷ ᠱᠣᠪᠬᠣ ᠦᠵᠦᠭᠦᠷ ᠲᠡᠢ; ᠳᠤᠮᠳᠠᠬᠢ ᠦᠷ᠎ᠡ ᠶ᠋ᠢᠨ ᠬᠠᠢᠷᠰᠤ ᠨᠢ ᠲᠤᠰ ᠪᠦᠷᠢ1—2 ᠦᠷ᠎ᠡ ᠲᠡᠢ᠃
ᠴᠢᠭᠢᠭᠯᠢᠭ ᠪᠥᠭᠡᠳ ᠥᠩ ᠰᠢᠮᠡᠯᠢᠭ ᠠᠭᠤᠯᠠ ᠶ᠋ᠢᠨ ᠬᠠᠵᠠᠭᠤ ᠪᠠᠷ ᠰᠠᠢᠨ ᠤᠷᠭᠤᠨ᠎ᠠ᠂ ᠭᠠᠩ ᠬᠠᠭᠤᠷᠠᠢ ᠠᠭᠤᠯᠠ ᠶ᠋ᠢᠨ ᠬᠠᠵᠠᠭᠤ ᠬᠢᠭᠡᠳ ᠲᠡᠭᠰᠢ ᠲᠠᠯ᠎ᠠ ᠪᠠᠷ ᠪᠠᠰᠠ ᠤᠷᠭᠤᠳᠠᠭ᠃ ᠬᠡᠷᠪᠡ ᠴᠠᠪᠴᠢᠮ᠎ᠠ ᠬᠠᠳᠠ ᠴᠢᠯᠠᠭᠤᠨ ᠳᠡᠭᠡᠷ᠎ᠡ ᠤᠷᠭᠤᠭᠰᠠᠨ ᠪᠣᠯ ᠪᠦᠷ ᠪᠤᠲᠠ ᠮᠣᠳᠣ ᠰᠢᠭ᠋ ᠪᠠᠢᠳᠠᠭ᠃
ᠮᠠᠨ ᠤ᠋ ᠤᠯᠤᠰ ᠤ᠋ᠨ ᠣᠯᠠᠩᠬᠢ ᠮᠣᠵᠢ ᠣᠷᠣᠨ ᠳ᠋ᠤ᠌ ᠪᠦᠷ ᠤᠷᠭᠤᠳᠠᠭ᠃ ᠭᠠᠵᠠᠷ ᠪᠣᠯᠭᠠᠨ ᠳ᠋ᠤ᠌ ᠵᠠᠢᠯᠠᠵᠤ ᠪᠣᠢ᠃
ᠨᠠᠪᠴᠢ ᠰᠠᠯᠠᠭ᠎ᠠ ᠠ᠋ᠴᠠ ᠨᠢ ᠠᠩᠬᠢᠯᠤᠮ᠎ᠠ ᠲᠣᠰᠣ ᠠᠪᠴᠤ ᠪᠣᠯᠤᠨ᠎ᠠ᠃ ᠮᠣᠳᠣ ᠶ᠋ᠢ ᠨᠢ ᠴᠠᠬᠢᠯᠭᠠᠨ ᠤᠲᠠᠰᠤᠨ ᠤ᠋ ᠪᠠᠭᠠᠨ᠎ᠠ᠂ ᠠᠭᠤᠷᠬᠠᠢ ᠶ᠋ᠢᠨ ᠲᠤᠯᠭᠠᠭᠤᠷ ᠂ᠳᠡᠷᠡ ᠮᠣᠳᠣ᠂ ᠪᠠᠷᠢᠯᠭ᠎ᠠ᠂ ᠲᠠᠷᠢᠶᠠᠯᠠᠩ ᠤ᠋ᠨ ᠪᠠᠭᠠᠵᠢ ᠬᠡᠷᠡᠭᠰᠡᠯ ᠵᠡᠷᠭᠡ ᠳ᠋ᠦ᠍ ᠠᠰᠢᠭᠯᠠᠨ᠎ᠠ᠃ ᠵᠢᠵᠢᠭ ᠮᠥᠴᠢᠷ᠂ ᠨᠠᠪᠴᠢ᠂ ᠦᠷ᠎ᠡ ᠨᠢ ᠡᠮ ᠳ᠋ᠦ᠍ ᠣᠷᠣᠨ᠎ᠠ᠃ ᠲᠠᠷᠢᠶᠠᠨ ᠤ᠋ ᠡᠮ ᠨᠠᠢᠷᠠᠵᠤ ᠪᠠᠰᠠ ᠪᠣᠯᠤᠨ᠎ᠠ᠃ ᠦᠵᠡᠮᠵᠢ ᠶ᠋ᠢᠨ ᠮᠣᠳᠣ᠃ ᠬᠢᠲᠠᠳ ᠨᠡᠷ᠎ᠡ᠄ 侧柏
ᠠᠩᠭ᠌ᠯᠢ ᠨᠡᠷ᠎ᠡ᠄Platycladus orientalis(L.)Franco
ᠦᠰᠦᠭ ᠠᠮᠢᠯᠠᠭᠤᠯᠤᠭᠴᠢ᠄ ᠣ ᠰᠡᠴᠡᠨᠲᠦ
ᠬᠢᠨᠠᠭᠴᠢ᠄ ᠫᠤ ·ᠴᠠᠭᠠᠨ
