ᠨᠤᠲᠤᠭ ᠤᠨ ᠤᠶᠠᠩᠭ᠎ᠠ – ᠴᠣ ᠂ ᠣᠷᠱᠤᠨ Нутгийн уянга – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠤᠨ ᠤᠶᠠᠩᠭ᠎ᠠ – ᠴᠣ ᠂ ᠣᠷᠱᠤᠨ Нутгийн уянга – Чо ᠂ Оршин

ᠨᠤᠲᠤᠭ ᠤᠨ ᠤᠶᠠᠩᠭ᠎ᠠ – ᠴᠣ ᠂ ᠣᠷᠱᠤᠨ Нутгийн уянга – Чо ᠂ Оршин

2024-03-31

318

ᠨᠤᠲᠤᠭ ᠤᠨ ᠤᠶᠠᠩᠭ᠎ᠠ


        ᠴᠣ· ᠣᠷᠱᠤᠨ 

 ᠲᠥᠷᠥᠭᠰᠡᠨ ᠭᠠᠵᠠᠷ ᠲᠠᠭᠠᠨ ᠣᠴᠢᠨ᠎ᠠ ᠭᠡᠳᠡᠭ 
 ᠲᠥᠷᠬᠥᠮ ᠢ᠋ᠶ᠋ᠡᠨ ᠰᠠᠨᠠᠭᠰᠠᠨ ᠬᠡᠦᠬᠡᠨ ᠠᠳᠠᠯᠢ 
 ᠲᠦᠭᠰᠢᠬᠦ ᠵᠢᠷᠦᠬᠡ ᠮᠢᠨᠢ ᠮᠥᠷᠥᠭᠡᠳᠦᠯ ᠢ᠋ᠶ᠋ᠡᠷ ᠴᠣᠬᠢᠯᠵᠤ 
 ᠲᠥᠭᠥᠷᠢᠭ ᠨᠢᠳᠦ ᠮᠢᠨᠢ ᠵᠠᠢᠷ ᠢ᠋ᠶ᠋ᠠᠷ ᠪᠦᠷᠬᠦᠨ᠎ᠡ᠃ 
 ᠰᠥᠰᠥ ᠪᠡᠨ ᠰᠣᠷᠢᠭᠰᠠᠨ ᠬᠠᠨ ᠪᠦᠷᠭᠦᠳ 
 ᠰᠦᠮᠪᠦᠷ ᠠᠭᠤᠯᠠ ᠶ᠋ᠢᠨ ᠣᠷᠣᠢ ᠳ᠋ᠤ᠌ ᠬᠠᠯᠢᠵᠤ 
 ᠰᠦᠷ ᠰᠠᠢᠬᠠᠨ ᠨᠠᠷᠠᠰᠤᠨ ᠰᠢᠭᠤᠢ 
 ᠰᠦᠪᠡᠭᠡ ᠲᠤᠯᠤᠭᠰᠠᠨ ᠰᠢᠭ᠋ ᠤᠭᠲᠤᠨ ᠲᠤᠰᠬᠤ ᠳ᠋ᠤ᠌ 
 ᠵᠦᠰᠡᠷ ᠪᠣᠷᠣᠭᠠᠨ ᠤ᠋ ᠰᠢᠪᠡᠷᠡᠭᠡᠨ ᠠᠯᠴᠢᠭᠤᠷ 
 ᠵᠦᠳᠡᠷᠡᠭᠰᠡᠨ ᠨᠢᠭᠤᠷ ᠢ᠋ ᠠᠷᠴᠢᠭᠠᠳ ᠪᠠᠢᠨ᠎ᠠ 
 ᠵᠥᠭᠡᠯᠡᠨ ᠢᠯᠪᠢᠭᠰᠡᠨ ᠤᠷᠢᠬᠠᠨ ᠰᠠᠯᠬᠢ 
 ᠵᠥᠩᠴᠢ ᠮᠠᠩᠨᠠᠢ ᠶ᠋ᠢ ᠦᠨᠦᠰᠦᠭᠡᠳ ᠪᠠᠢᠨ᠎ᠠ 
 ᠴᠡᠯᠭᠡᠷᠡᠭᠰᠡᠨ ᠲᠠᠯ᠎ᠠ ᠶ᠋ᠢᠨ ᠵᠠᠬ᠎ᠠ ᠳ᠋ᠤ᠌ ᠣᠷᠣᠭᠰᠠᠭᠠᠷ 
 ᠴᠡᠭᠡᠵᠢ ᠰᠡᠳᠬᠢᠯ ᠬᠡᠴᠢᠨᠡᠨ ᠣᠩᠭᠣᠢᠨᠠᠮ 
 ᠴᠡᠭᠴᠡᠦᠬᠡᠢ ᠰᠢᠪᠠᠭᠤᠨ ᠤ᠋ ᠳᠠᠭᠤᠨ ᠢ᠋ ᠰᠣᠨᠣᠰᠤᠭᠰᠠᠭᠠᠷ 
 ᠴᠢᠬᠢᠨ ᠳ᠋ᠦ᠍ ᠶᠠᠭᠤᠲᠠᠢ ᠢᠷᠠᠭᠤᠬᠠᠨ ᠰᠠᠨᠠᠭᠳᠠᠨᠠᠮ 
 ᠬᠠᠨᠠᠢᠭᠰᠠᠨ ᠥᠨᠳᠥᠷ ᠴᠡᠩᠬᠡᠷ ᠠᠭᠤᠯᠠᠰ ᠨᠢ 
 ᠬᠠᠢᠷᠠᠲᠤ ᠠᠪᠤ ᠶ᠋ᠢᠨ ᠮᠢᠨᠢ ᠰᠠᠷᠠᠪᠴᠢᠯᠠᠭ᠎ᠠ ᠴᠤ᠌ ᠶᠤᠮ ᠤᠤ? 
 ᠬᠠᠯᠭᠢᠯᠠᠭᠰᠠᠨ ᠲᠤᠩᠭᠠᠯᠠᠭ ᠮᠥᠷᠡᠨ ᠭᠣᠣᠯ ᠨᠢ 
 ᠬᠠᠯᠠᠮᠵᠢᠲᠤ ᠡᠵᠢ ᠶ᠋ᠢᠨ ᠮᠢᠨᠢ ᠪᠠᠷ᠎ᠠ ᠴᠤ᠌ ᠶᠤᠮ ᠤᠤ? 
 ᠬᠣᠯᠠ ᠠ᠋ᠴᠠ ᠢᠷᠡᠭᠰᠡᠨ ᠬᠥᠪᠡᠭᠦᠨ ᠮᠢᠨᠦ 
 ᠬᠣᠩᠭᠣᠷ ᠰᠡᠳᠬᠢᠯ ᠳᠣᠯᠭᠢᠰᠤᠭᠠᠳ ᠢᠷᠡᠬᠦ ᠳ᠋ᠦ᠍ 
 ᠰᠠᠯᠵᠤ ᠮᠠᠷᠲᠠᠭᠰᠠᠨ ᠣᠨ ᠰᠠᠷ᠎ᠠ ᠨᠤᠭᠤᠳ 
 ᠰᠠᠨᠠᠭᠠᠨ ᠤ᠋ ᠬᠥᠰᠢᠭᠡ ᠪᠡᠷ ᠲᠣᠳᠣᠷᠠᠭᠠᠳ ᠢᠷᠡᠬᠦ ᠳ᠋ᠦ᠍ 
 ᠲᠦᠮᠡᠨ ᠦ᠌ ᠦᠷᠡᠰ ᠡᠴᠡ ᠬᠣᠴᠣᠷᠤᠯ ᠦᠭᠡᠢ ᠳᠠᠪᠰᠢᠵᠤ 
 ᠲᠥᠷᠥ ᠤᠯᠤᠰ ᠲᠠᠭᠠᠨ ᠵᠢᠳᠬᠦᠯ ᠢ᠋ᠶ᠋ᠡᠨ ᠦᠵᠡᠭᠦᠯᠬᠦ 
 ᠲᠡᠭᠦᠰ ᠢᠷᠦᠭᠡᠯᠲᠦ ᠠᠤᠭ᠎ᠠ ᠦᠢᠯᠡᠰ ᠲᠤ 
 ᠲᠥᠪ ᠴᠢᠬᠡᠴᠢ ᠪᠡᠷ ᠪᠢ ᠴᠢᠷᠮᠠᠢᠬᠤ ᠳ᠋ᠠᠭᠠᠨ 
 ᠨᠣᠣᠷᠠᠭᠯᠠᠵᠤ ᠠᠮᠵᠢᠭᠰᠠᠨ ᠪᠠᠳᠠᠭ ᠮᠥᠷ ᠢ᠋ᠶ᠋ᠡᠨ 
 ᠨᠤᠲᠤᠭ ᠲᠠᠨ ᠳ᠋ᠠᠭᠠᠨ ᠡᠷᠭᠦᠶ᠎ᠡ᠂ 
 ᠨᠣᠴᠣᠮ᠎ᠠ ᠰᠡᠳᠬᠢᠯ ᠦ᠋ᠨ ᠶᠠᠭᠠᠷᠠᠤ ᠳᠠᠪᠬᠢᠭᠠᠨ ᠳ᠋ᠤ᠌ 
 ᠨᠣᠮᠣᠬᠠᠨ ᠬᠥᠪᠡᠭᠦᠨ ᠴᠢᠨᠢ ᠮᠠᠨᠳᠤᠯᠠᠶ᠎ᠠ᠃ 

 ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
            ᠦᠰᠦᠭ ᠠᠮᠢᠯᠠᠭᠤᠯᠤᠭᠴᠢ᠄ ᠪᠠᠶᠠᠷᠴᠡᠴᠡᠭ   
               2024 03 25