ᠲᠥᠷᠥᠯᠬᠢ ᠨᠤᠲᠤᠭ – ᠴᠣ ᠂ ᠣᠷᠱᠤᠨ Төрөлх нутаг– Чо ᠂ Оршин
ᠲᠥᠷᠥᠯᠬᠢ ᠨᠤᠲᠤᠭ
ᠴᠣ· ᠣᠷᠱᠤᠨ
ᠳᠠᠰᠤᠯ ᠪᠤᠰᠤ ᠭᠠᠵᠠᠷ ᠰᠡᠳᠬᠢᠯ ᠡᠮᠵᠡᠭᠯᠡᠵᠦ
ᠲᠠᠩᠳᠠ ᠨᠠᠳᠠ ᠨᠤᠲᠤᠭ ᠮᠢᠨᠢ ᠪᠣᠳᠣᠭᠳᠠᠨ᠎ᠠ᠂
ᠲᠠᠭᠠᠷᠠᠯᠳᠤᠬᠤ ᠪᠣᠯᠭᠠᠨ ᠨᠠᠷᠭᠢᠵᠤ ᠶᠠᠪᠤᠳᠠᠭ
ᠲᠠᠨᠢᠯ ᠣᠯᠠᠨ ᠨᠥᠬᠥᠳ ᠮᠢᠨᠢ ᠳᠤᠷᠠᠰᠤᠭᠳᠠᠨ᠎ᠠ᠃
ᠬᠣᠶᠠᠷ ᠬᠥᠯ ᠢ᠋ᠶ᠋ᠡᠷ ᠭᠢᠰᠬᠢᠭᠰᠡᠨ ᠨᠠᠳᠠ
ᠬᠣᠷᠸ᠎ᠠ ᠳ᠋ᠤ᠌ ᠨᠤᠲᠤᠭ ᠥᠯᠥᠭᠡᠢ ᠶᠦᠮ᠃
ᠬᠣᠯᠠ ᠶᠠᠪᠤᠬᠤ ᠳ᠋ᠤ᠌ ᠰᠦᠯᠳᠡ ᠡᠷᠭᠦᠳᠡᠭ
ᠬᠣᠪᠳᠣᠯ ᠵᠢᠷᠦᠬᠡᠨ ᠦ᠌ ᠰᠢᠲᠦᠭᠡᠨ ᠶᠦᠮ᠃
ᠰᠡᠳᠬᠢᠯ ᠦ᠋ᠨ ᠤᠭ ᠢ᠋ᠶ᠋ᠠᠷ ᠨᠠᠮᠠᠶ᠋ᠢ ᠠᠷᠭᠠᠮᠵᠢᠭᠰᠠᠨ
ᠵᠡᠭᠦᠳᠦᠨ ᠦ᠌ ᠭᠦᠨ ᠳ᠋ᠦ᠍ ᠲᠦᠳᠡᠬᠡᠨ ᠬᠦᠷᠦᠭᠡᠳ
ᠬᠠᠢᠷ᠎ᠠ ᠶ᠋ᠢᠨ ᠰᠢᠵᠢᠮ ᠪᠢᠳᠡᠨ ᠢ᠋ ᠬᠣᠯᠪᠣᠭᠰᠠᠨ
ᠵᠢᠷᠦᠬᠡᠨ ᠦ᠌ ᠬᠠᠩᠭᠠᠢ ᠳ᠋ᠤ᠌ ᠨᠤᠲᠤᠭ ᠡᠭᠡᠨᠡᠭᠰᠢᠭᠡᠳ
ᠲᠦᠪᠰᠢᠨ ᠨᠤᠲᠤᠭ ᠢ᠋ᠶ᠋ᠠᠨ ᠬᠥᠮᠦᠨ ᠮᠠᠭᠲᠠᠳᠠᠭ
ᠲᠥᠷᠥᠯᠬᠢ ᠬᠡᠯᠡ ᠪᠡᠷ ᠢ᠋ᠶ᠋ᠡᠨ ᠪᠢ ᠳᠠᠭᠤᠯᠠᠨ᠎ᠠ
ᠲᠦᠮᠡᠨ ᠭᠠᠵᠠᠷ ᠠᠯᠤᠰᠯᠠᠵᠤ ᠵᠠᠢᠳᠠᠪᠠᠴᠤ
ᠲᠦᠯᠬᠢᠯᠡᠬᠦ ᠯᠤᠭᠰᠢᠯᠲᠠ ᠲᠡᠭᠦᠨ ᠳ᠋ᠡᠭᠡᠨ ᠴᠣᠬᠢᠯᠤᠨᠠ᠃
ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 25
