ᠠᠯᠠᠭ ᠱᠠᠭᠠᠵᠠᠭᠠᠢ ᠶ᠋ᠢᠨ ᠦᠯᠢᠭᠡᠷАлаг шаазгайн Үлгэр
ᠠᠯᠠᠭ ᠱᠠᠭᠠᠵᠠᠭᠠᠢ ᠶ᠋ᠢᠨ ᠦᠯᠢᠭᠡᠷ
ᠡᠷᠲᠡ ᠤᠷᠢᠳᠤ ᠶ᠋ᠢᠨ ᠴᠠᠭ ᠲᠤ ᠳᠣᠯᠣᠭᠠᠨ ᠥᠨᠳᠡᠭᠡ ᠲᠡᠢ ᠱᠠᠭᠠᠵᠠᠭᠠᠢ ᠠᠯᠲᠠᠨ ᠤᠯᠢᠶᠠᠰᠤᠨ ᠳᠡᠭᠡᠷ᠎ᠡ ᠡᠭᠦᠷ ᠢ᠋ᠶ᠋ᠡᠨ ᠵᠠᠰᠠᠭᠠᠳ ᠠᠷᠢᠭᠤᠨ ᠬᠤᠳᠳᠤᠭ ᠤ᠋ᠨ ᠤᠰᠤᠨ ᠠ᠋ᠴᠠ ᠤᠮᠳᠠᠭᠠᠯᠠᠭᠠᠳ ᠠᠮᠤᠷ ᠵᠢᠮᠤᠷ ᠠᠵᠤ ᠲᠥᠷᠥᠨ ᠠᠮᠢᠳᠤᠷᠠᠨ ᠰᠠᠭᠤᠳᠠᠭ ᠪᠠᠢᠵᠠᠢ᠃
ᠨᠢᠭᠡᠨ ᠡᠳᠦᠷ ᠲᠡᠭᠦᠨ ᠳᠡᠭᠡᠷ᠎ᠡ ᠦᠨᠡᠭᠡ ᠢᠷᠡᠯ᠎ᠡ᠃
ᠦᠨᠡᠭᠡ᠄ ᠱᠠᠭᠠᠵᠠᠭᠠᠢ ᠭᠤᠸᠠᠢ ᠱᠠᠭᠠᠵᠠᠭᠠᠢ᠂ ᠭᠤᠸᠠᠢ᠂ ᠨᠢᠭᠡ ᠥᠨᠳᠡᠭᠡ ᠪᠡᠨ ᠥᠭᠭᠦᠭᠡᠴᠢ ᠭᠡᠵᠦ ᠭᠡᠨ᠎ᠡ᠃
ᠱᠠᠭᠠᠵᠠᠭᠠᠢ᠄ ᠥᠭᠭᠦ ᠦᠭᠡᠢ ᠬᠢᠵᠦ ᠬᠠᠷᠢᠭᠤᠯᠵᠠᠢ᠃
ᠭᠡᠲᠡᠯ᠎ᠡ ᠦᠨᠡᠭᠡ᠄ ᠵᠠ ᠲᠡᠭᠡᠪᠡᠯ ᠪᠢ ᠠᠯᠤᠰ ᠤ᠋ᠨ ᠭᠠᠵᠠᠷ ᠠ᠋ᠴᠠ ᠲᠣᠭᠣᠰᠣ ᠲᠠᠲᠠᠭᠤᠯᠵᠤ ᠢᠷᠡᠭᠡᠳ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡ᠂ ᠠᠷᠢᠭᠤᠨ ᠬᠤᠳᠳᠤᠭ ᠤ᠋ᠨ ᠤᠰᠤ ᠶ᠋ᠢ ᠴᠢᠨᠢ ᠬᠣᠪᠬᠤ ᠰᠤᠷᠤᠨ᠎ᠠ᠂ ᠲᠡᠭᠡᠭᠡᠳ ᠪᠦᠬᠦ ᠥᠨᠳᠡᠭᠡ ᠶ᠋ᠢ ᠴᠢᠨᠢ ᠢᠳᠡᠬᠦ ᠪᠣᠯᠤᠨ᠎ᠠ ᠳᠠ ᠭᠡᠮᠡᠨ ᠰᠦᠷᠳᠡᠭᠦᠯᠵᠡᠢ᠃
ᠱᠠᠭᠠᠵᠠᠭᠠᠢ ᠠᠶᠤᠭᠠᠳ ᠳᠣᠯᠣᠭᠠᠨ ᠥᠨᠳᠡᠭᠡᠨ ᠦ᠌ ᠪᠡᠨ ᠨᠢᠭᠡ ᠶ᠋ᠢ ᠨᠢ ᠥᠭᠴᠦ ᠵᠢᠷᠭᠤᠭᠠᠨ ᠥᠨᠳᠡᠭᠡ ᠲᠡᠢ ᠦᠯᠡᠲᠡᠯ᠎ᠡ᠃
7 - 1 = 6
ᠳᠣᠯᠣᠭ᠎ᠠ ᠠ᠋ᠴᠠ ᠬᠠᠰᠤᠬᠤ ᠨᠢ ᠨᠢᠭᠡ ᠲᠡᠩᠴᠡᠭᠦᠦ ᠵᠢᠷᠭᠤᠭ᠎ᠠ
ᠮᠠᠷᠭᠠᠰᠢ ᠨᠢ ᠦᠨᠡᠭᠡ ᠳᠠᠬᠢᠭᠠᠳ ᠯᠠ ᠢᠷᠡᠪᠡ᠂ ᠮᠥᠨ ᠯᠡ ᠱᠠᠭᠠᠵᠠᠭᠠᠢ ᠭᠤᠸᠠᠢ᠂ ᠱᠠᠭᠠᠵᠠᠭᠠᠢ ᠭᠤᠸᠠᠢ᠂ ᠨᠢᠭᠡ ᠥᠨᠳᠡᠭᠡ ᠪᠡᠨ ᠥᠭᠭᠦᠭᠡᠴᠢ ᠭᠡᠵᠦ ᠭᠡᠨ᠎ᠡ᠃
ᠱᠠᠭᠠᠵᠠᠭᠠᠢ᠄ ᠥᠭᠭᠦ ᠦᠭᠡᠢ ᠭᠡᠵᠦ ᠬᠠᠷᠢᠭᠤᠯᠤᠯ᠎ᠠ᠃
ᠦᠨᠡᠭᠡ᠄ ᠵᠠ ᠲᠡᠭᠡᠪᠡᠯ ᠪᠢ ᠠᠯᠤᠰ ᠤ᠋ᠨ ᠭᠠᠵᠠᠷ ᠠ᠋ᠴᠠ ᠲᠣᠭᠣᠰᠣ ᠲᠠᠲᠠᠭᠤᠯᠵᠤ ᠢᠷᠡᠭᠡᠳ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡ᠂ ᠠᠷᠢᠭᠤᠨ ᠬᠤᠳᠳᠤᠭ ᠤ᠋ᠨ ᠤᠰᠤ ᠶ᠋ᠢ ᠴᠢᠨᠢ ᠬᠣᠪᠬᠤ ᠰᠤᠷᠤᠨ᠎ᠠ᠂ ᠲᠡᠭᠡᠭᠡᠳ ᠪᠦᠬᠦ ᠥᠨᠳᠡᠭᠡ ᠶ᠋ᠢ ᠴᠢᠨᠢ ᠢᠳᠡᠬᠦ ᠪᠣᠯᠤᠨ᠎ᠠ ᠳᠠ ᠭᠡᠮᠡᠨ ᠰᠦᠷᠳᠡᠭᠦᠯᠵᠡᠢ᠃
ᠱᠠᠭᠠᠵᠠᠭᠠᠢ ᠠᠶᠤᠭᠠᠳ ᠵᠢᠷᠭᠤᠭᠠᠨ ᠥᠨᠳᠡᠭᠡᠨ ᠦ᠌ ᠪᠡᠨ ᠨᠢᠭᠡ ᠶ᠋ᠢ ᠨᠢ ᠥᠭᠴᠦ ᠲᠠᠪᠤᠨ ᠥᠨᠳᠡᠭᠡ ᠲᠡᠢ ᠦᠯᠡᠲᠡᠯ᠎ᠡ᠃
6 - 1 = 5
ᠵᠢᠷᠭᠤᠭ᠎ᠠ ᠠ᠋ᠴᠠ ᠬᠠᠰᠤᠬᠤ ᠨᠢ ᠨᠢᠭᠡ ᠲᠡᠩᠴᠡᠭᠦᠦ ᠲᠠᠪᠤ
ᠵᠠᠯᠢᠲᠤ ᠰᠢᠷ᠎ᠠ ᠦᠨᠡᠭᠡ ᠮᠠᠷᠭᠠᠰᠢ ᠨᠢ ᠳᠠᠬᠢᠭᠠᠳ ᠯᠠ ᠢᠷᠡᠵᠦ ᠭᠡᠨ᠎ᠡ᠃ ᠥᠨᠥᠬᠢ ᠠᠷᠭ᠎ᠠ ᠪᠠᠷ ᠢ᠋ᠶ᠋ᠠᠨ ᠰᠦᠷᠳᠡᠭᠦᠯᠵᠦ ᠭᠡᠨ᠎ᠡ᠂ ᠲᠡᠭᠡᠭᠡᠳ ᠲᠠᠪᠤᠨ ᠥᠨᠳᠡᠭᠡᠨ ᠦ᠌ ᠪᠡᠨ ᠨᠢᠭᠡ ᠶ᠋ᠢ ᠥᠭᠴᠦ ᠳᠥᠷᠪᠡᠨ ᠥᠨᠳᠡᠭᠡ ᠲᠡᠢ ᠪᠡᠨ ᠦᠯᠡᠲᠡᠯ᠎ᠡ᠃
5 - 1 = 4
ᠲᠠᠪᠤ ᠠ᠋ᠴᠠ ᠬᠠᠰᠤᠬᠤ ᠨᠢ ᠨᠢᠭᠡ ᠲᠡᠩᠴᠡᠭᠦᠦ ᠳᠥᠷᠪᠡ
ᠮᠠᠷᠭᠠᠰᠢ ᠨᠢ ᠮᠥᠨ ᠯᠡ ᠳᠠᠬᠢᠭᠠᠳ ᠯᠠ ᠢᠷᠡᠵᠦ ᠭᠡᠨ᠎ᠡ᠂ ᠥᠨᠥᠬᠢ ᠠᠷᠭ᠎ᠠ ᠪᠠᠷ ᠢ᠋ᠶ᠋ᠠᠨ ᠰᠦᠷᠳᠡᠭᠦᠯᠦᠭᠡᠳ ᠳᠥᠷᠪᠡᠨ ᠥᠨᠳᠡᠭᠡᠨ ᠦ᠌ ᠬᠢᠨᠢ ᠨᠢᠭᠡ ᠶ᠋ᠢ ᠠᠪᠴᠤ ᠢᠳᠡᠯ᠎ᠡ᠂ ᠢᠩᠭᠢᠭᠡᠳ ᠱᠠᠭᠠᠵᠠᠭᠠᠢ ᠭᠤᠷᠪᠠᠨ ᠥᠨᠳᠡᠭᠡ ᠲᠡᠢ ᠦᠯᠡᠲᠡᠯ᠎ᠡ᠃
4 - 1 = 3
ᠳᠥᠷᠪᠡ ᠡᠴᠡ ᠬᠠᠰᠤᠬᠤ ᠨᠢ ᠨᠢᠭᠡ ᠲᠡᠩᠴᠡᠭᠦᠦ ᠭᠤᠷᠪᠠ
ᠮᠠᠷᠭᠠᠰᠢ ᠨᠢ ᠳᠠᠬᠢᠭᠠᠳ ᠯᠠ ᠢᠷᠡᠵᠦ ᠭᠡᠨ᠎ᠡ᠂ ᠠᠬᠢᠭᠠᠳ ᠯᠠ ᠥᠨᠥᠬᠢ ᠠᠷᠭ᠎ᠠ ᠪᠠᠷ ᠢ᠋ᠶ᠋ᠠᠨ ᠰᠦᠷᠳᠡᠭᠦᠯᠦᠨ ᠨᠢᠭᠡ ᠥᠨᠳᠡᠭᠡ ᠶ᠋ᠢ ᠨᠢ ᠠᠪᠴᠤ ᠢᠳᠡᠯ᠎ᠡ᠂ ᠢᠩᠭᠢᠭᠡᠳ ᠭᠤᠷᠪᠠᠨ ᠥᠨᠳᠡᠭᠡᠨ ᠦ᠌ ᠬᠢᠨᠢ ᠨᠢᠭᠡ ᠶ᠋ᠢ ᠨᠢ ᠠᠪᠤᠭᠠᠳ ᠬᠣᠶᠠᠷ ᠥᠨᠳᠡᠭᠡ ᠲᠡᠢ ᠦᠯᠡᠲᠡᠯ᠎ᠡ᠃
3 - 1 = 2
ᠮᠠᠷᠭᠠᠰᠢ ᠨᠢ ᠳᠠᠬᠢᠭᠠᠳ ᠯᠠ ᠢᠷᠡᠵᠦ ᠭᠡᠨ᠎ᠡ᠂ ᠬᠣᠶᠠᠷ ᠥᠨᠳᠡᠭᠡᠨ ᠦ᠌ ᠬᠢᠨᠢ ᠨᠢᠭᠡ ᠶ᠋ᠢ ᠠᠪᠴᠤ ᠢᠳᠡᠯ᠎ᠡ᠃ ᠢᠩᠭᠢᠭᠡᠳ ᠱᠠᠭᠠᠵᠠᠭᠠᠢ ᠭᠠᠭᠴᠠᠬᠠᠨ ᠥᠨᠳᠡᠭᠡ ᠲᠡᠢ ᠦᠯᠡᠲᠡᠯ᠎ᠡ᠃
2 - 1 = 1
ᠱᠠᠭᠠᠵᠠᠭᠠᠢ᠄ ᠣᠳᠣ ᠭᠠᠭᠴᠠ ᠥᠨᠳᠡᠭᠡ ᠶ᠋ᠢ ᠮᠢᠨᠢ ᠦᠨᠡᠭᠡ ᠢᠷᠡᠭᠡᠳ ᠪᠠᠰᠠ ᠯᠠ ᠢᠳᠡᠬᠦ ᠪᠠᠢᠬᠤ ᠳᠠ ᠭᠡᠮᠡᠨ ᠤᠬᠢᠯᠠᠵᠤ ᠪᠠᠢᠪᠠ᠃ ᠭᠡᠲᠡᠯ᠎ᠡ ᠲᠡᠭᠦᠨ ᠳᠡᠭᠡᠷ᠎ᠡ ᠬᠤᠯᠤᠭᠠᠨ᠎ᠠ ᠢᠷᠡᠯ᠎ᠡ᠃
ᠬᠤᠯᠤᠭᠠᠨ᠎ᠠ᠄ ᠱᠠᠭᠠᠵᠠᠭᠠᠢ ᠭᠤᠸᠠᠢ ᠱᠠᠭᠠᠵᠠᠭᠠᠢ ᠭᠤᠸᠠᠢ᠂ ᠲᠠ ᠶᠠᠭᠤᠨ ᠳ᠋ᠤ᠌ ᠤᠬᠢᠯᠠᠪᠠ? ᠭᠡᠵᠦ ᠭᠡᠨ᠎ᠡ᠃
ᠱᠠᠭᠠᠵᠠᠭᠠᠢ᠄ ᠪᠢ ᠳᠣᠯᠣᠭᠠᠨ ᠥᠨᠳᠡᠭᠡ ᠲᠡᠢ ᠪᠠᠢᠭᠰᠠᠨ ᠶᠤᠮ᠂ ᠭᠡᠲᠡᠯ᠎ᠡ ᠦᠨᠡᠭᠡ ᠢᠷᠡᠭᠡᠳ ᠨᠢᠭᠡ ᠨᠢᠭᠡ ᠪᠡᠷ ᠨᠢ ᠢᠳᠡᠭᠰᠡᠭᠡᠷ ᠪᠠᠢᠭᠠᠳ ᠣᠳᠣ ᠭᠠᠭᠴᠠᠬᠠᠨ ᠥᠨᠳᠡᠭᠡ ᠲᠡᠢ ᠦᠯᠡᠳᠡᠭᠰᠡᠨ ᠠ᠋᠂ ᠥᠭᠭᠦ ᠦᠭᠡᠢ ᠭᠡᠬᠦ ᠪᠡᠷ ᠠᠯᠤᠰ ᠤ᠋ᠨ ᠭᠠᠵᠠᠷ ᠠ᠋ᠴᠠ ᠲᠣᠭᠣᠰᠣ ᠲᠠᠲᠠᠭᠤᠯᠵᠤ ᠢᠷᠡᠭᠡᠳ ᠠᠯᠲᠠᠨ ᠤᠯᠢᠶᠠᠰᠤ ᠶ᠋ᠢ ᠮᠢᠨᠢ ᠬᠤᠭᠤ ᠮᠥᠷᠭᠥᠨ᠎ᠡ᠂ ᠠᠷᠢᠭᠤᠨ ᠬᠤᠳᠳᠤᠭ ᠤ᠋ᠨ ᠤᠰᠤ ᠶ᠋ᠢ ᠮᠢᠨᠢ ᠬᠣᠪᠬᠤ ᠰᠤᠷᠤᠨ᠎ᠠ ᠭᠡᠵᠦ ᠠᠶᠤᠯᠭᠠᠳᠠᠭ᠃ ᠣᠳᠣ ᠦᠯᠡᠳᠡᠭᠰᠡᠨ ᠭᠠᠭᠴᠠ ᠥᠨᠳᠡᠭᠡ ᠶ᠋ᠢ ᠮᠢᠨᠢ ᠢᠳᠡᠬᠦ ᠪᠠᠢᠬᠤ ᠳᠠ ᠬᠡᠮᠡᠵᠢ᠃
ᠬᠤᠯᠤᠭᠠᠨ᠎ᠠ᠄ ᠲᠠ ᠲᠡᠭᠡᠪᠡᠯ ᠦᠨᠡᠭᠡ ᠶ᠋ᠢ ᠳᠠᠬᠢᠭᠠᠳ ᠢᠷᠡᠪᠡᠯ᠂ ᠠᠯᠤᠰ ᠤ᠋ᠨ ᠭᠠᠵᠠᠷ ᠠ᠋ᠴᠠ ᠲᠣᠭᠣᠰᠣ ᠲᠠᠲᠠᠭᠤᠯᠵᠤ ᠢᠷᠡᠬᠦ ᠲᠤᠭᠤᠷᠠᠢ ᠴᠢᠨᠢ ᠬᠠᠮᠢᠭ᠎ᠠ ᠪᠠᠢᠨ᠎ᠠ? ᠠᠯᠲᠠᠨ ᠤᠯᠢᠶᠠᠰᠤ ᠶ᠋ᠢ ᠮᠢᠨᠢ ᠬᠤᠭᠤ ᠮᠥᠷᠭᠥᠬᠦ ᠡᠪᠡᠷ ᠴᠢᠨᠢ ᠬᠠᠮᠢᠭ᠎ᠠ ᠪᠠᠢᠨ᠎ᠠ? ᠠᠷᠢᠭᠤᠨ ᠬᠤᠳᠳᠤᠭ ᠤ᠋ᠨ ᠤᠰᠤ ᠶ᠋ᠢ ᠮᠢᠨᠢ ᠬᠣᠪᠬᠤ ᠰᠣᠷᠣᠬᠤ ᠬᠣᠳᠣᠭᠣᠳᠣ ᠴᠢᠨᠢ ᠬᠠᠮᠢᠭ᠎ᠠ ᠪᠠᠢᠨ᠎ᠠ ᠭᠡᠮᠡᠨ ᠠᠰᠠᠭᠤᠭᠠᠷᠠᠢ ᠭᠡᠵᠡᠢ᠃
ᠮᠠᠷᠭᠠᠰᠢ ᠨᠢ ᠦᠨᠡᠭᠡ ᠳᠠᠬᠢᠭᠠᠳ ᠯᠠ ᠢᠷᠡᠵᠦ ᠥᠨᠥᠬᠢ ᠠᠷᠭ᠎ᠠ ᠪᠠᠷ ᠢ᠋ᠶ᠋ᠠᠨ ᠰᠦᠷᠳᠡᠭᠦᠯᠵᠡᠢ᠃
ᠭᠡᠲᠡᠯ᠎ᠡ ᠱᠠᠭᠠᠵᠠᠭᠠᠢ ᠬᠤᠯᠤᠭᠠᠨ᠎ᠠ ᠶ᠋ᠢᠨ ᠵᠢᠭᠠᠵᠤ ᠥᠭᠭᠦᠭᠰᠡᠨᠴᠢᠯᠡᠨ ᠠᠯᠤᠰ ᠤ᠋ᠨ ᠭᠠᠵᠠᠷ ᠠ᠋ᠴᠠ ᠲᠣᠭᠣᠰᠣ ᠲᠠᠲᠠᠭᠤᠯᠬᠤ ᠲᠤᠭᠤᠷᠢ ᠴᠢᠨᠢ ᠬᠠᠮᠢᠭ᠎ᠠ ᠪᠠᠢᠨ᠎ᠠ? ᠠᠯᠲᠠᠨ ᠤᠯᠢᠶᠠᠰᠤ ᠶ᠋ᠢ ᠮᠢᠨᠢ ᠬᠤᠭᠤ ᠮᠥᠷᠭᠥᠬᠦ ᠡᠪᠡᠷ ᠴᠢᠨᠢ ᠬᠠᠮᠢᠭ᠎ᠠ ᠪᠠᠢᠨ᠎ᠠ? ᠠᠷᠢᠭᠤᠨ ᠬᠤᠳᠳᠤᠭ ᠤ᠋ᠨ ᠮᠢᠨᠢ ᠤᠰᠤ ᠶ᠋ᠢ ᠬᠣᠪᠬᠤ ᠰᠣᠷᠣᠬᠤ ᠬᠣᠳᠣᠭᠣᠳᠣ ᠴᠢᠨᠢ ᠬᠠᠮᠢᠭ᠎ᠠ ᠪᠠᠢᠨ᠎ᠠ? ᠭᠡᠵᠡᠢ᠃
ᠭᠡᠲᠡᠯ᠎ᠡ ᠦᠨᠡᠭᠡ᠄ ᠴᠢᠮ᠎ᠠ ᠳ᠋ᠤ᠌ ᠨᠠᠭᠠᠳᠤ ᠦᠭᠡ ᠶ᠋ᠢ ᠴᠢᠨᠢ ᠬᠡᠨ ᠵᠢᠭᠠᠵᠤ ᠥᠭᠪᠡ ᠬᠡᠮᠡᠯ᠎ᠡ᠃
ᠪᠢ ᠥᠪᠡᠷ ᠢ᠋ᠶ᠋ᠡᠨ ᠪᠣᠳᠣᠨ ᠪᠣᠳᠣᠨ ᠪᠣᠳᠣᠯ ᠣᠷᠣᠪᠠ᠂ ᠤᠨᠲᠠᠨ ᠤᠨᠲᠠᠨ ᠤᠬᠠᠭ᠎ᠠ ᠣᠷᠣᠪᠠ᠂ ᠰᠠᠨᠠᠨ ᠰᠠᠨᠠᠨ ᠰᠠᠨᠠᠭ᠎ᠠ ᠲᠥᠷᠥᠪᠡ ᠭᠡᠮᠡᠨ ᠬᠠᠷᠢᠭᠤᠯᠵᠠᠢ᠃
ᠦᠨᠡᠭᠡ᠄ ᠬᠡᠨ ᠵᠢᠭᠠᠵᠤ ᠥᠭᠭᠦᠭᠰᠡᠨ ᠢ᠋ ᠬᠡᠯᠡᠬᠦ ᠦᠭᠡᠢ ᠪᠣᠯ ᠪᠢ ᠴᠢᠮ᠎ᠠ ᠶ᠋ᠢ ᠦᠨᠡᠭᠡᠨ ᠦ᠌ ᠠᠷᠪᠠᠨ ᠭᠤᠷᠪᠠᠨ ᠮᠡᠬᠡ ᠪᠡᠨ ᠠᠰᠢᠭᠯᠠᠭᠠᠳ ᠪᠠᠷᠢᠵᠤ ᠢᠳᠡᠨ᠎ᠡ ᠳᠡ ᠭᠡᠮᠡᠨ ᠰᠦᠷᠳᠡᠭᠦᠯᠵᠡᠢ᠃
ᠱᠠᠭᠠᠵᠠᠭᠠᠢ ᠠᠶᠤᠬᠤ ᠳ᠋ᠠᠭᠠᠨ ᠲᠡᠷᠡ ᠨᠦᠬᠡᠨ ᠳ᠋ᠦ᠍ ᠪᠠᠢᠭ᠎ᠠ ᠬᠤᠯᠤᠭᠠᠨ᠎ᠠ ᠵᠢᠭᠠᠵᠤ ᠦᠭᠭᠦᠭᠰᠡᠨ ᠭᠡᠵᠡᠢ᠃
ᠦᠨᠡᠭᠡ ᠥᠨᠥᠬᠢ ᠣᠭᠣᠲᠣᠨ᠎ᠠ ᠶ᠋ᠢᠨ ᠨᠦᠬᠡᠨ ᠦ᠌ ᠠᠮᠠᠰᠠᠷ ᠳᠡᠭᠡᠷ᠎ᠡ ᠣᠴᠢᠭᠠᠳ ᠤᠭᠲᠤᠨ᠎ᠠ ᠶ᠋ᠢ ᠳᠠᠭᠤᠳᠠᠵᠠᠢ᠃ ᠣᠭᠣᠲᠣᠨ᠎ᠠ ᠠ᠋ ᠣᠭᠣᠲᠣᠨ᠎ᠠ ᠠ᠋ ᠭᠠᠷᠤᠭᠠᠳ ᠢᠷ᠎ᠡ ᠬᠡᠮᠡᠪᠡ᠃
ᠣᠭᠣᠲᠣᠨ᠎ᠠ᠄ ᠪᠢ ᠭᠡᠷ ᠢ᠋ᠶ᠋ᠡᠨ ᠴᠡᠪᠡᠷᠯᠡᠵᠦ ᠪᠠᠢᠨ᠎ᠠ ᠠ᠋ ᠬᠣᠭ ᠢ᠋ᠶ᠋ᠠᠨ ᠱᠦᠭᠦᠷᠳᠡᠵᠦ ᠪᠠᠢᠨ᠎ᠠ ᠭᠡᠵᠡᠢ᠃
ᠦᠨᠡᠭᠡ ᠵᠢᠭᠠᠬᠠᠨ ᠬᠦᠯᠢᠶᠡᠵᠦ ᠪᠠᠢᠭᠰᠠᠨ ᠢ᠋ᠶ᠋ᠠᠨ ᠠᠬᠢᠭᠠᠳ ᠣᠭᠣᠲᠣᠨ᠎ᠠ ᠠ᠋ ᠣᠭᠣᠲᠣᠨ᠎ᠠ ᠠ᠋ ᠭᠠᠷᠤᠭᠠᠳ ᠢᠷ᠎ᠡ ᠭᠡᠵᠦ ᠭᠡᠨ᠎ᠡ᠃
ᠣᠭᠣᠲᠣᠨ᠎ᠠ᠄ ᠪᠢ ᠲᠣᠯᠢ ᠪᠠᠨ ᠠᠷᠴᠢᠵᠤ ᠪᠠᠢᠨ᠎ᠠ ᠠ᠋ ᠭᠡᠵᠡᠢ᠃
ᠦᠨᠡᠭᠡ ᠵᠢᠭᠠᠬᠠᠨ ᠬᠦᠯᠢᠶᠡᠵᠦ ᠪᠠᠢᠭᠠᠳ ᠣᠭᠣᠲᠣᠨ᠎ᠠ ᠠ᠋ ᠣᠭᠣᠲᠣᠨ᠎ᠠ ᠠ᠋ ᠭᠠᠷᠤᠭᠠᠳ ᠢᠷ᠎ᠡ ᠭᠡᠵᠦ ᠭᠡᠨ᠎ᠡ᠃
ᠣᠭᠣᠲᠣᠨ᠎ᠠ ᠡᠭᠦᠷ ᠳᠡᠭᠡᠷ᠎ᠡ ᠪᠡᠨ ᠲᠣᠯᠣᠭᠠᠢ ᠪᠠᠨ ᠴᠤᠬᠤᠢᠯᠭᠠᠵᠠᠢ᠃
ᠦᠨᠡᠭᠡ᠄ ᠲᠣᠯᠣᠭᠠᠢ ᠨᠢ ᠡᠢᠮᠦ ᠬᠥᠭᠡᠷᠦᠬᠦᠨ ᠪᠠᠢᠭ᠎ᠠ ᠶᠤᠮ ᠴᠢᠨᠢ ᠴᠡᠭᠡᠵᠢ ᠨᠢ ᠶᠠᠮᠠᠷ ᠬᠥᠭᠡᠷᠦᠬᠦᠨ ᠪᠠᠢᠭ᠎ᠠ ᠪᠣᠯ ᠳᠠ ᠭᠡᠵᠦ ᠭᠡᠨ᠎ᠡ᠃
ᠣᠭᠣᠲᠣᠨ᠎ᠠ ᠴᠡᠭᠡᠵᠢ ᠪᠡᠨ ᠭᠠᠷᠭᠠᠵᠤ ᠭᠡᠨ᠎ᠡ᠃
ᠦᠨᠡᠭᠡ᠄ ᠴᠡᠭᠡᠵᠢ ᠨᠢ ᠡᠢᠮᠦ ᠬᠥᠭᠡᠷᠦᠬᠦᠨ ᠪᠠᠢᠭ᠎ᠠ ᠶᠤᠮ ᠴᠢᠨᠢ ᠪᠥᠭᠰᠡ ᠨᠢ ᠶᠠᠮᠠᠷ ᠬᠥᠭᠡᠷᠦᠬᠦᠨ ᠪᠣᠯ ᠳᠠ ᠭᠡᠵᠦ ᠭᠡᠨ᠎ᠡ᠃
ᠣᠭᠣᠲᠣᠨ᠎ᠠ ᠪᠥᠭᠰᠡ ᠪᠡᠨ ᠭᠠᠷᠭᠠᠵᠤ ᠭᠡᠨ᠎ᠡ᠃
ᠦᠨᠡᠭᠡ᠄ ᠪᠥᠭᠰᠡ ᠨᠢ ᠡᠢᠮᠦ ᠬᠥᠭᠡᠷᠦᠬᠦᠨ ᠪᠠᠢᠭ᠎ᠠ ᠶᠤᠮ ᠴᠢᠨᠢ ᠰᠡᠭᠦᠯ ᠨᠢ ᠶᠠᠮᠠᠷ ᠬᠥᠭᠡᠷᠦᠬᠦᠨ ᠪᠠᠢᠭ᠎ᠠ ᠪᠣᠯ ᠳᠠ ᠭᠡᠵᠦ ᠭᠡᠨ᠎ᠡ᠃
ᠣᠭᠣᠲᠣᠨ᠎ᠠ ᠰᠡᠭᠦᠯ ᠢ᠋ᠶ᠋ᠡᠨ ᠭᠠᠷᠭᠠᠵᠤ ᠭᠡᠨ᠎ᠡ᠃
ᠦᠨᠡᠭᠡ᠄ ᠡᠢᠮᠦ ᠬᠥᠭᠡᠷᠦᠬᠦᠨ ᠪᠡᠶ᠎ᠡ ᠲᠡᠢ ᠶᠦᠮ ᠴᠢᠨᠢ ᠬᠠᠳᠠᠨ ᠳᠡᠭᠡᠭᠦᠷ ᠪᠥᠭ ᠪᠥᠭᠬᠢᠵᠦ ᠭᠦᠶᠦᠬᠦ ᠨᠢ ᠶᠠᠭᠠᠬᠢᠭᠰᠠᠨ ᠬᠥᠭᠡᠷᠦᠬᠦᠨ ᠪᠠᠢᠬᠤ ᠪᠣᠯ ᠳᠠ ᠭᠡᠵᠦ ᠭᠡᠨ᠎ᠡ᠃ ᠣᠭᠣᠲᠣᠨ᠎ᠠ ᠪᠥᠭ ᠪᠥᠭ ᠭᠦᠶᠦᠲᠡᠯᠡ ᠦᠨᠡᠭᠡ ᠡᠮᠬᠦᠭᠡᠳ ᠠᠪᠴᠠᠢ᠃
ᠣᠭᠣᠲᠣᠨ᠎ᠠ ᠢᠩᠭᠢᠵᠦ ᠬᠡᠯᠡᠵᠡᠢ᠃ ᠦᠨᠡᠭᠡ ᠮᠢᠨᠢ᠂ ᠴᠢ ᠤᠮᠠᠷ ᠤᠮᠠᠷ ᠭᠡᠵᠦ ᠢᠳᠡᠪᠡᠯ ᠪᠢ ᠦᠮᠦᠬᠡᠢ ᠪᠠᠢᠬᠤ ᠪᠣᠯᠤᠨ᠎ᠠ᠂ ᠬᠠᠷᠢᠨ ᠠᠩᠭᠠᠷ ᠠᠩᠭᠠᠷ ᠭᠡᠵᠦ ᠢᠳᠡᠪᠡᠯ ᠠᠮᠲᠠᠲᠠᠢ ᠪᠠᠢᠬᠤ ᠪᠣᠯᠤᠨ᠎ᠠ ᠭᠡᠵᠦ ᠭᠡᠨ᠎ᠡ᠃
ᠦᠨᠡᠭᠡ ᠣᠭᠣᠲᠣᠨ᠎ᠠ ᠶ᠋ᠢᠨ ᠬᠡᠯᠡᠭᠰᠡᠨ ᠶᠣᠰᠤᠭᠠᠢ ᠠᠩᠭᠠᠷ ᠠᠩᠭᠠᠷ ᠭᠡᠵᠦ ᠢᠳᠡᠬᠦ ᠭᠡᠳ ᠠᠮᠠ ᠪᠠᠨ ᠠᠩᠭᠠᠯᠵᠠᠭᠤᠯᠲᠠᠯᠠ ᠣᠭᠯᠣ ᠬᠠᠷᠠᠢᠨ ᠵᠢᠭᠤᠲᠠᠵᠤ ᠣᠳᠴᠠᠢ᠃
ᠦᠨᠡᠭᠡ ᠶ᠋ᠢ ᠡᠢᠨᠬᠦ ᠳᠡᠢᠯᠦᠭᠰᠡᠨ ᠭᠡᠳᠡᠭ᠃
ᠦᠰᠦᠭ ᠠᠮᠢᠯᠠᠭᠤᠯᠤᠭᠰᠠᠨ ᠨᠢ᠄ ᠤᠳᠤᠩᠭᠡᠷᠡᠯ
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠬᠢᠨᠠᠭᠴᠢ ᠄ ᠭᠠᠷᠮ᠎ᠠ
