ᠴᠠᠭᠠᠨ ᠭᠠᠯᠳᠠᠰᠤЦагаан галдсу ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠭᠠᠯᠳᠠᠰᠤЦагаан галдсу

ᠴᠠᠭᠠᠨ ᠭᠠᠯᠳᠠᠰᠤЦагаан галдсу

2024-03-30

328

ᠴᠠᠭᠠᠨ ᠭᠠᠯᠳᠠᠰᠤ

                 ᠴᠦᠭᠦᠷᠰᠦ ᠶ᠋ᠢᠨ ᠢᠵᠠᠭᠤᠷ 
      ᠨᠠᠪᠴᠢ ᠵᠤᠯᠭᠠᠷᠠᠬᠤ ᠲᠤᠷᠤᠭ ᠮᠣᠳᠣ᠂ 8—20m ᠥᠨᠳᠥᠷ᠃ ᠬᠠᠵᠠᠭᠤ ᠶ᠋ᠢᠨ ᠣᠬᠣᠷ ᠮᠥᠴᠢᠷ ᠨᠢ ᠨᠠᠪᠴᠢ ᠲᠠᠢ ᠪᠠᠨ ᠬᠠᠮᠲᠤ ᠵᠤᠯᠭᠠᠷᠠᠨ᠎ᠠ᠃ ᠡᠪᠦᠯ ᠦ᠋ᠨ ᠨᠠᠬᠢᠶ᠎ᠠ ᠠ᠋ᠴᠠ ᠤᠷᠭᠤᠭᠰᠠᠨ ᠵᠢᠵᠢᠭ ᠮᠥᠴᠢᠷ ᠨᠢ4mm ᠣᠷᠴᠢᠮ ᠤᠷᠲᠤ ᠬᠠᠢᠷᠰᠤᠨ ᠢᠯᠲᠠᠰᠤ ᠰᠢᠭ᠋ ᠨᠠᠪᠴᠢ ᠲᠠᠢ ᠪᠠ ᠡᠨᠡ ᠬᠦ᠌ ᠨᠠᠪᠴᠢ ᠨᠢ ᠡᠪᠦᠯ ᠵᠤᠯᠭᠠᠷᠠᠬᠤ ᠦᠭᠡᠢ᠃ ᠬᠠᠵᠠᠭᠤ ᠶ᠋ᠢᠨ ᠮᠥᠴᠢᠷ ᠳᠠᠬᠢ ᠨᠠᠪᠴᠢ ᠨᠢ6—10mm ᠤᠷᠲᠤ᠂ ᠪᠦᠰᠡ ᠰᠢᠭ ᠦᠷᠦᠮ ᠬᠡᠯᠪᠡᠷᠢ ᠲᠡᠢ᠂ ᠥᠳᠥᠯᠢᠭ ᠵᠡᠷᠭᠡᠴᠡᠨ᠎ᠡ᠃ ᠡᠪᠦᠯ ᠳ᠋ᠡᠭᠡᠨ ᠵᠤᠯᠭᠠᠷᠠᠨ᠎ᠠ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠮᠥᠴᠢᠷ ᠦ᠋ᠨ ᠣᠷᠣᠢ ᠳ᠋ᠤ᠌ ᠭᠠᠭᠴᠠᠭᠠᠷ ᠰᠢᠯᠤᠭᠤᠨ ᠤᠷᠭᠤᠳᠠᠭ᠂ ᠬᠠᠢᠷᠰᠤᠨ ᠢᠯᠲᠠᠰᠤ ᠨᠢ ᠱᠣᠷᠬᠠᠯᠠᠭᠰᠠᠨ ᠰᠢᠭ᠋ ᠸᠠᠭᠠᠷᠯᠠᠵᠤ ᠪᠠᠢᠷᠢᠯᠠᠨ᠎ᠠ᠃ ᠡᠮ᠎ᠡ ᠪᠠᠭ ᠴᠡᠴᠡᠭ ᠨᠢ ᠬᠠᠵᠠᠭᠤ ᠶ᠋ᠢᠨ ᠰᠠᠯᠠᠭ᠎ᠠ ᠶ᠋ᠢᠨ ᠣᠷᠣᠢ ᠳ᠋ᠤ᠌ ᠭᠠᠭᠴᠠᠭᠠᠷ ᠤᠷᠭᠤᠨ᠎ᠠ᠂ ᠥᠨᠳᠡᠭᠡᠯᠵᠢᠨ ᠵᠤᠤᠪᠠᠩ᠂ ᠪᠠᠭᠯᠠᠭᠴᠢ ᠬᠠᠢᠷᠰᠤᠨ ᠢᠯᠲᠠᠰᠤ ᠨᠢ20—22᠂ ᠸᠠᠭᠠᠷᠯᠠᠵᠤ ᠪᠠᠢᠷᠢᠯᠠᠭᠰᠠᠨ ᠶᠤᠮ᠃ ᠦᠷ᠎ᠡ ᠶ᠋ᠢᠨ ᠬᠠᠢᠷᠰᠤ ᠨᠢ ᠵᠢᠵᠢᠭ᠂ ᠲᠤᠰ ᠪᠦᠷᠢ ᠬᠣᠶᠠᠷ ᠦᠷ᠎ᠡ ᠨᠠᠬᠢᠶ᠎ᠠ ᠲᠠᠢ᠂ ᠦᠷ᠎ᠡ  ᠲᠣᠭᠲᠠᠭᠰᠠᠨ ᠤ᠋ ᠰᠡᠭᠦᠯᠡᠷ ᠲᠣᠮᠣᠷᠠᠵᠤ ᠵᠤᠵᠠᠭᠠᠷᠠᠨ᠎ᠠ᠃ ᠪᠣᠷᠭᠣᠴᠣᠭ ᠨᠢ ᠲᠣᠩᠭᠣᠷᠠᠭᠤ ᠥᠨᠳᠡᠭᠡᠯᠵᠢᠨ᠂ 2cm ᠣᠷᠴᠢᠮ ᠤᠷᠲᠤ᠂ ᠲᠡᠭᠦᠨ ᠦ᠌ ᠦᠷ᠎ᠡ ᠶ᠋ᠢᠨ ᠬᠠᠢᠷᠰᠤ ᠨᠢ ᠰᠡᠢᠷᠡᠭᠬᠡᠨ ᠢ᠋ᠶ᠋ᠡᠷ ᠸᠠᠭᠠᠷᠯᠠᠵᠤ ᠲᠣᠭᠲᠠᠭᠰᠠᠨ ᠪᠠᠢᠳᠠᠭ᠂ ᠭᠡᠪᠡᠴᠦ ᠭᠠᠳᠠᠷ᠂ ᠳᠣᠲᠣᠷ ᠬᠢᠭᠡᠳ ᠳᠣᠣᠷ᠎ᠠ ᠬᠡᠰᠡᠭ ᠦ᠋ᠨ ᠬᠠᠢᠷᠰᠤ ᠨᠤᠭᠤᠳ ᠨᠢ ᠬᠠᠷᠢᠯᠴᠠᠨ ᠠᠳᠠᠯᠢ ᠦᠭᠡᠢ ᠬᠡᠯᠪᠡᠷᠢ ᠲᠡᠢ᠂ ᠭᠠᠳᠠᠷ ᠲᠠᠯ᠎ᠠ ᠶ᠋ᠢᠨ ᠬᠠᠢᠷᠰᠤᠨ ᠢᠯᠲᠠᠰᠤ ᠶ᠋ᠢᠨ ᠠᠷᠤ ᠶ᠋ᠢᠨ ᠳᠡᠭᠡᠳᠦ ᠬᠡᠰᠡᠭ ᠲᠤᠨᠢ6—9 ᠭᠣᠬ᠎ᠠ ᠮᠡᠲᠦ ᠱᠣᠪᠣᠭᠣᠷ ᠲᠠᠢ᠃ ᠦᠷ᠎ᠡ ᠶ᠋ᠢᠨ ᠤᠭ ᠲᠤᠨᠢ ᠤᠷᠲᠤᠯᠵᠢᠨ ᠳᠤᠭᠤᠷᠠᠭ ᠰᠢᠭ᠋ ᠬᠠᠪᠲᠠᠭᠠᠢ ᠲᠡᠪᠡᠨᠡ ᠬᠡᠯᠪᠡᠷᠢᠲᠦ ᠳᠠᠯᠠᠪᠴᠢ ᠲᠠᠢ᠃
       ᠪᠣᠷᠣᠭᠠᠨ ᠭᠦᠢᠴᠡᠳ ᠪᠥᠭᠡᠳ ᠳᠤᠯᠠᠭᠠᠨ ᠠᠭᠤᠷ ᠠᠮᠢᠰᠬᠤᠯᠲᠤ ᠭᠠᠵᠠᠷ ᠤ᠋ᠨ ᠬᠦᠴᠢᠯᠯᠢᠭ ᠬᠥᠷᠥᠰᠥ ᠤᠰᠤᠨ ᠤ᠋ ᠬᠥᠪᠡᠭᠡ᠂ ᠲᠤᠲᠤᠷᠭ᠎ᠠ ᠶ᠋ᠢᠨ ᠲᠠᠷᠢᠶᠠᠨ ᠤ᠋ ᠵᠠᠬ᠎ᠠ ᠪᠠᠷ ᠰᠠᠢᠨ ᠤᠷᠭᠤᠨ᠎ᠠ᠂ ᠠᠭᠤᠯᠠᠨ ᠳ᠋ᠤ᠌ ᠪᠠᠰᠠ ᠤᠷᠭᠤᠳᠠᠭ᠃
       ᠮᠠᠨ ᠤ᠋ ᠤᠯᠤᠰ ᠤ᠋ᠨ ᠣᠨᠴᠠ ᠭᠠᠷᠤᠯᠲᠠ ᠮᠥᠨ᠃ ᠹᠦᠵᠢᠶᠠᠨ᠂ ᠵᠢᠶᠠᠩᠰᠢ᠂
ᠭᠤᠸᠠᠩᠳᠥ᠋ᠩ᠂ ᠭᠤᠸᠠᠩᠰᠢ᠂ ᠶᠦᠨᠨᠠᠨ᠂ ᠰᠧᠴᠤᠸᠠᠨ ᠳ᠋ᠤ᠌ ᠤᠷᠭᠤᠳᠠᠭ᠃        ᠮᠣᠳᠣ ᠶ᠋ᠢ ᠨᠢ ᠪᠠᠷᠢᠯᠭ᠎ᠠ᠂ ᠪᠠᠭᠠᠵᠢ ᠬᠡᠷᠡᠭᠰᠡᠯ ᠳ᠋ᠦ᠍ ᠬᠡᠷᠡᠭᠯᠡᠨ᠎ᠡ᠃ ᠪᠣᠷᠭᠣᠴᠣᠭ᠂ ᠬᠣᠯᠲᠣᠰᠣᠨ ᠳ᠋ᠤᠨᠢ ᠲᠠᠨᠨᠢᠨ ᠪᠣᠢ᠃ ᠮᠠᠰᠢ ᠰᠠᠢᠬᠠᠨ ᠦᠵᠡᠮᠵᠢ ᠶ᠋ᠢᠨ ᠮᠣᠳᠣ᠃ ᠨᠠᠪᠴᠢ ᠮᠥᠴᠢᠷ ᠬᠢᠭᠡᠳ ᠪᠣᠷᠭᠣᠴᠣᠭ ᠨᠢ ᠡᠮ ᠳ᠋ᠦ᠍ ᠣᠷᠣᠨ᠎ᠠ᠃
       ᠬᠢᠲᠠᠳ ᠨᠡᠷ᠎ᠡ᠄水松  
       ᠠᠩᠭ᠌ᠯᠢ ᠨᠡᠷ᠎ᠡ᠄ Glyptostrobus pensilis (Staunt.ex  D.Don) K. Koch
                ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                 ᠬᠢᠨᠠᠭᠴᠢ᠄ ᠫᠤ· ᠴᠠᠭᠠᠨ