ᠰᠣᠳᠣᠨ ᠡᠭᠡᠰᠢᠭ-ᠮᠠᠨᠳᠠᠷᠸ᠎ᠠ ᠰᠡᠢᠨ᠎ᠡСодон эгшиг-Мандарава-Сайна ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠳᠣᠨ ᠡᠭᠡᠰᠢᠭ-ᠮᠠᠨᠳᠠᠷᠸ᠎ᠠ ᠰᠡᠢᠨ᠎ᠡСодон эгшиг-Мандарава-Сайна

ᠰᠣᠳᠣᠨ ᠡᠭᠡᠰᠢᠭ-ᠮᠠᠨᠳᠠᠷᠸ᠎ᠠ ᠰᠡᠢᠨ᠎ᠡСодон эгшиг-Мандарава-Сайна

ᠠᠩᠭᠢᠯᠠᠯ:ᠳᠠᠭᠤᠤ ᠬᠥᠭᠵᠢᠮ
2024-03-29

527

ᠰᠣᠳᠣᠨ ᠡᠭᠡᠰᠢᠭ

   ᠰᠢᠯᠦᠭ᠄ ᠪᠠᠳᠠᠷᠠᠯᠲᠤ 
   ᠠᠶ᠎ᠠ᠄ ᠰᠡᠢᠨ᠎ᠡ 
   MIDI ᠬᠥᠭᠵᠢᠮ ᠄ ᠮᠦᠩᠭᠦᠨᠱᠠ 
   ᠳᠠᠭᠤᠴᠢᠨ ᠄ ᠮᠠᠨᠳᠠᠷᠸ᠎ᠠ ᠰᠡᠢᠨ᠎ᠡ 
ᠰᠤᠷᠭᠠᠭᠤᠯᠢ ᠶ᠋ᠢᠨ ᠨᠠᠷᠭᠢᠶᠠᠨᠲᠤ ᠬᠦᠷᠢᠶᠡᠨ ᠳ᠋ᠦ᠍ 
ᠲᠣᠬᠣᠢ ᠬᠣᠯᠪᠣᠨ ᠨᠠᠭᠠᠳᠴᠤ ᠪᠠᠢᠭᠰᠠᠨ 
ᠰᠤᠷᠤᠯᠭ᠎ᠠ ᠶ᠋ᠢᠨ ᠠᠯᠲᠠᠨ ᠬᠠᠷᠭᠤᠢ ᠳ᠋ᠤ᠌ 
ᠲᠣᠮᠣᠭ᠎ᠠ ᠰᠠᠭᠤᠵᠤ ᠤᠬᠠᠭᠠᠨ ᠰᠣᠷᠢᠭᠰᠠᠨ 
ᠮᠣᠩᠭᠣᠯ ᠨᠤᠲᠤᠭ ᠤ᠋ᠨ ᠬᠥᠷᠥᠰᠥᠨ ᠳᠡᠭᠡᠷ᠎ᠡ 
ᠪᠤᠲᠠᠯᠠᠨ ᠳᠡᠯᠭᠡᠷᠡᠬᠦ ᠴᠡᠴᠡᠭᠡᠰ ᠦ᠋ᠨ ᠳᠡᠯᠪᠢ 
ᠮᠣᠩᠭᠣᠯ ᠰᠣᠶᠣᠯ ᠤ᠋ᠨ ᠤᠷᠤᠰᠬᠠᠯ ᠳᠡᠭᠡᠭᠦᠷ 
ᠬᠣᠰᠢᠭᠤᠷᠠᠨ ᠨᠢᠰᠬᠦ ᠭᠠᠯᠠᠭᠤᠳ ᠤ᠋ᠨ ᠴᠤᠪᠤᠭ᠎ᠠ 
ᠡᠨᠡ ᠮᠢᠨᠦ ᠰᠣᠳᠣᠨ ᠡᠬᠡᠰᠢᠭ
ᠮᠢᠨᠦ ᠠᠨᠳᠠ ᠶ᠋ᠢᠨ ᠲᠦᠰᠢᠭ
ᠮᠥᠷᠥᠭᠡᠳᠦᠯ ᠴᠠᠯᠭᠢᠨ ᠡᠭᠡᠰᠢᠭᠯᠡᠬᠦ
ᠤᠶᠠᠩᠭ᠎ᠠ ᠶ᠋ᠢᠨ ᠰᠣᠳᠣᠨ ᠠᠶᠠᠯᠭᠤ ᠮᠢᠨᠢ
ᠪᠦᠲᠦᠭᠡᠯ ᠭᠢᠯᠠᠯᠵᠠᠭᠤᠯᠤᠨ ᠰᠣᠯᠣᠩᠭᠠᠷᠠᠬᠤ
ᠦᠢᠯᠡᠰ ᠦ᠋ᠨ ᠰᠣᠳᠣᠨ ᠡᠬᠡᠰᠢᠭ
ᠡᠨᠡ ᠮᠢᠨᠦ ᠰᠣᠳᠣᠨ ᠡᠬᠡᠰᠢᠭ
ᠮᠢᠨᠦ ᠠᠨᠳᠠ ᠶ᠋ᠢᠨ ᠲᠦᠰᠢᠭ

   ᠦᠰᠦᠭ ᠠᠮᠢᠯᠠᠭᠤᠯᠤᠨ ᠬᠠᠲᠠᠵᠤ 
   ᠬᠢᠨᠠᠭᠴᠢ ᠄ ᠬᠠᠷᠠᠭᠳᠠᠨ ᠷ᠂ ᠴᠢᠷᠮᠠᠢᠯᠲᠣ