ᠮᠠᠯᠴᠢᠨ ᠬᠥᠮᠦᠨ ᠦ ᠳᠠᠭᠤᠤ < ᠳᠦᠷᠪᠡ > – ᠴᠣ ᠂ ᠣᠷᠱᠤᠨ Малчин хүний дуу < дөрөв > – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠬᠥᠮᠦᠨ ᠦ ᠳᠠᠭᠤᠤ < ᠳᠦᠷᠪᠡ > – ᠴᠣ ᠂ ᠣᠷᠱᠤᠨ Малчин хүний дуу < дөрөв > – Чо ᠂ Оршин

ᠮᠠᠯᠴᠢᠨ ᠬᠥᠮᠦᠨ ᠦ ᠳᠠᠭᠤᠤ < ᠳᠦᠷᠪᠡ > – ᠴᠣ ᠂ ᠣᠷᠱᠤᠨ Малчин хүний дуу < дөрөв > – Чо ᠂ Оршин

2024-03-29

320

ᠮᠠᠯᠴᠢᠨ ᠬᠥᠮᠦᠨ ᠦ ᠳᠠᠭᠤᠤ – ᠳᠦᠷᠪᠡ


         ᠳᠥᠷᠪᠡ 

 ᠮᠢᠨᠦ ᠠᠮᠢ— ᠮᠠᠯ 
 ᠮᠢᠨᠦ ᠭᠡᠷ— ᠪᠡᠯᠴᠢᠭᠡᠷ 
 ᠥᠷᠭᠡᠨ ᠴᠡᠯᠡᠭᠡᠷ ᠲᠠᠯ᠎ᠠ ᠳ᠋ᠤ᠌ ᠮᠢᠨᠢ 
 ᠦᠯᠢ ᠠᠷᠪᠢᠳᠤᠨ ᠬᠠᠯᠴᠠᠭᠠᠢᠷᠠᠪᠠᠯ 
 ᠥᠳᠬᠡᠨ ᠲᠡᠨᠢᠭᠡᠷ ᠪᠡᠯᠴᠢᠭᠡᠷ ᠮᠢᠨᠢ 
 ᠡᠪᠡᠰᠦ ᠤᠷᠭᠤᠮᠠᠯ ᠢ᠋ᠶ᠋ᠠᠷ ᠲᠠᠴᠢᠷᠳᠠᠪᠠᠯ 
 ᠮᠠᠯ ᠰᠦᠷᠦᠭ ᠮᠢᠨᠢ ᠶᠡᠷᠦ 
 ᠰᠢᠷᠣᠢ ᠬᠡᠮᠡᠯᠢᠨ ᠣᠨᠳᠣᠷᠣᠨ᠎ᠠ ᠤᠤ? 
 ᠮᠠᠯᠴᠢᠨ ᠠᠷᠠᠳ ᠬᠠᠷᠢᠨ 
 ᠭᠠᠵᠠᠷ ᠲᠡᠪᠡᠷᠢᠨ ᠰᠠᠭᠤᠨ᠎ᠠ ᠤᠤ? 
 ᠡᠪᠦᠭᠡ ᠳᠡᠭᠡᠳᠦ ᠶ᠋ᠢᠨ ᠭᠠᠵᠠᠷ 
 ᠦᠷ᠎ᠡ ᠠᠴᠢ ᠨᠠᠷ ᠤ᠋ᠨ ᠭᠣᠯᠣᠮᠲᠠ 
 ᠮᠠᠯ ᠰᠦᠷᠦᠭ ᠦ᠋ᠨ ᠥᠯᠥᠭᠡᠢ 
 ᠮᠠᠯᠴᠢᠨ ᠬᠥᠮᠦᠨ ᠦ᠌ ᠭᠡᠷ ᠠ᠋᠂ 
 ᠭᠡᠷ ᠢ᠋ᠶ᠋ᠡᠨ ᠬᠠᠶᠠᠳᠠᠭ ᠬᠥᠮᠦᠨ 
 ᠬᠡᠰᠦᠵᠦ ᠬᠡᠳᠦᠢ ᠶᠠᠪᠤᠨ᠎ᠠ? 
 ᠭᠡᠳᠡᠰᠦ ᠳᠤᠮᠳᠠᠬᠠᠨ ᠮᠠᠯ 
 ᠬᠡᠮᠡᠯᠢᠵᠦ ᠬᠡᠳᠦᠢᠬᠡᠨ ᠲᠡᠰᠦᠨ᠎ᠡ? 
 ᠤᠭᠰᠠᠭ᠎ᠠ ᠶᠠᠰᠤᠲᠠᠨ ᠭᠡᠵᠦ ᠪᠠᠢᠭᠠᠳ 
 ᠣᠷᠣᠰᠢᠬᠤ ᠭᠠᠵᠠᠷ ᠦᠭᠡᠢ ᠪᠣᠯᠤᠨ᠎ᠠ ᠭᠡᠵᠢ ᠤᠤ? 
 ᠥᠨᠢᠷ ᠰᠦᠷᠦᠭ ᠢ᠋ᠶ᠋ᠡᠨ ᠥᠰᠬᠡᠬᠦ ᠳ᠋ᠦ᠍ 
 ᠡᠪᠡᠰᠦ ᠪᠡᠯᠴᠢᠭᠡᠷ ᠦᠭᠡᠢ ᠪᠣᠯᠤᠨ᠎ᠠ ᠭᠡᠵᠢ ᠤᠤ? 
 ᠨᠤᠲᠤᠭ ᠢ᠋ᠶ᠋ᠠᠨ ᠬᠠᠢᠷᠠᠯᠠᠬᠤ ᠦᠭᠡᠢ ᠬᠥᠮᠦᠨ ᠪᠣᠯ 
 ᠨᠣᠮᠣᠬᠠᠨ ᠪᠣᠭᠣᠯ ᠤ᠋ᠨ ᠡᠬᠢᠯᠡᠯᠲᠡ ᠶᠦᠮ᠂ 
 ᠪᠡᠯᠴᠢᠭᠡᠷ ᠢ᠋ᠶ᠋ᠡᠨ ᠬᠠᠮᠠᠭᠠᠯᠠᠬᠤ ᠦᠭᠡᠢ ᠲᠡᠨᠡᠭ ᠪᠣᠯ 
 ᠪᠡᠨ᠎ᠡ ᠪᠡᠨ ᠠᠯᠳᠠᠬᠤ ᠶ᠋ᠢᠨ ᠲᠡᠮᠳᠡᠭ ᠶᠦᠮ᠂ 
 ᠮᠠᠯ᠂ ᠪᠡᠯᠴᠢᠭᠡᠷ ᠬᠣᠶᠠᠷ 
 ᠲᠠᠷᠢᠶ᠎ᠠ ᠰᠢᠷᠣᠢ ᠶ᠋ᠢᠨ ᠰᠦᠯᠪᠡᠭᠡ ᠲᠡᠢ 
 ᠮᠠᠯᠴᠢᠨ᠂ ᠨᠤᠲᠤᠭ ᠬᠣᠶᠠᠷ 
 ᠮᠢᠬ᠎ᠠ ᠴᠢᠰᠤᠨ ᠤ᠋ ᠬᠣᠯᠪᠣᠭ᠎ᠠ ᠲᠠᠢ 
 ᠥᠯᠥᠨ ᠬᠤᠯᠤᠭᠠᠨ᠎ᠠ ᠶ᠋ᠢᠨ ᠦᠷᠡᠵᠢᠯ ᠢ᠋ 
 ᠦᠨᠳᠦᠰᠦ ᠲᠠᠰᠤᠯᠤᠨ ᠤᠰᠠᠳᠬᠠᠵᠤ 
 ᠡᠪᠡᠰᠦ ᠪᠡᠯᠴᠢᠭᠡᠷ ᠢ᠋ ᠳᠠᠢᠰᠤᠩᠨᠠᠭᠰᠠᠨ 
 ᠦᠯᠢ ᠶ᠋ᠢᠨ ᠨᠦᠬᠡ ᠶ᠋ᠢ ᠪᠥᠭᠯᠡᠭᠡᠳ 
 ᠥᠭᠭᠢᠶᠡᠮᠦᠷ ᠬᠠᠩᠭᠠᠢ ᠪᠡᠯᠴᠢᠭᠡᠷ ᠲᠤ
 ᠥᠯᠵᠡᠢ ᠤᠲᠠᠰᠤ ᠬᠠᠳᠬᠤᠵᠤ 
 ᠥᠭᠡᠳᠡᠷᠬᠡᠭ ᠰᠠᠢᠬᠠᠨ ᠠᠮᠢᠳᠤᠷᠠᠯ ᠳ᠋ᠤ᠌  
 ᠦᠢᠯᠡᠰ ᠦ᠋ᠨ ᠬᠤᠲᠤᠭ ᠰᠦᠯᠳᠡᠯᠡᠭᠡᠳ 
 ᠮᠠᠯ ᠢ᠋ᠶ᠋ᠠᠨ ᠦᠷᠡᠵᠢᠭᠦᠯᠵᠦ ᠶᠠᠪᠤᠬᠤ ᠨᠢ 
 ᠮᠠᠯᠴᠢᠨ ᠬᠥᠮᠦᠨ ᠦ᠌ ᠳᠠᠭᠤᠤ 
 ᠮᠠᠯᠴᠢᠨ ᠭᠡᠭᠳᠡᠵᠦ ᠪᠠᠢᠬᠤ ᠨᠢ 
 ᠮᠠᠯ ᠰᠦᠷᠦᠭ ᠦ᠋ᠨ ᠠᠴᠢ 
 ᠮᠢᠨᠦ ᠨᠡᠷ᠎ᠡ— ᠮᠠᠯᠴᠢᠨ ᠶᠤᠮ 
 ᠮᠢᠨᠦ ᠠᠯᠳᠠᠷ— ᠳᠠᠭᠤᠤ ᠶᠤᠮ 
 ᠮᠢᠨᠦ ᠭᠡᠷ— ᠪᠡᠯᠴᠢᠭᠡᠷ ᠶᠦᠮ 
 ᠮᠢᠨᠦ ᠠᠮᠢ— ᠮᠠᠯ ᠶᠤᠮ ᠠ᠋᠃ 


 ᠢᠷᠡᠯᠲᠡ᠄  ᠴᠣ ᠂ ᠣᠷᠱᠤᠨ ᠤ᠋《ᠮᠠᠯᠴᠢᠨ ᠬᠥᠮᠦᠨ ᠦ᠌ ᠳᠠᠭᠤᠤ   》 ᠨᠣᠮ ᠠ᠋ᠴᠠ ᠡᠰᠢᠯᠡᠪᠡ ᠃
              ᠦᠰᠦᠭ ᠠᠮᠢᠯᠠᠭᠤᠯᠤᠭᠴᠢ᠄ ᠪᠠᠶᠠᠷᠴᠡᠴᠡᠭ  
                2024 03 24  ᠠᠮᠤᠭᠤᠯᠠᠩ ᠪᠠᠯᠭᠠᠰᠤᠨ ᠳ᠋ᠤ᠌