ᠴᠦᠭᠦᠷᠰᠦЦүүрс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠦᠭᠦᠷᠰᠦЦүүрс

ᠴᠦᠭᠦᠷᠰᠦЦүүрс

2024-03-29

341

ᠴᠦᠭᠦᠷᠰᠦ ( ᠭᠡᠯᠢᠭ ᠮᠣᠳᠣ)

               ᠴᠦᠭᠦᠷᠰᠦ ᠶ᠋ᠢᠨ ᠢᠵᠠᠭᠤᠷ
      ᠮᠥᠩᠬᠡ ᠨᠣᠭᠣᠭᠠᠨ ᠲᠤᠷᠤᠭ ᠮᠣᠳᠣ᠂ 30m ᠬᠢᠷᠢ ᠥᠨᠳᠥᠷ᠂ ᠬᠦᠷᠡᠩ ᠬᠣᠯᠲᠣᠰᠣ ᠲᠠᠢ᠃ ᠮᠥᠴᠢᠷ ᠨᠢ ᠳᠤᠭᠤᠢᠷᠠᠨ ᠰᠠᠷᠪᠠᠭᠠᠷ ᠤᠷᠭᠤᠵᠤ ᠦᠵᠦᠭᠦᠷ ᠨᠢ ᠵᠢᠭᠠᠬᠠᠨ ᠳᠣᠭᠣᠭᠰᠢ ᠤᠨᠵᠢᠭᠢᠷ ᠪᠠᠢᠳᠠᠭ᠃ ᠨᠠᠪᠴᠢ ᠨᠢ ᠪᠦᠰᠡ ᠰᠢᠭ ᠬᠠᠪᠲᠠᠭᠠᠢ ᠲᠡᠪᠡᠨᠡ ᠬᠡᠯᠪᠡᠷᠢ ᠲᠡᠢ᠂ ᠲᠤᠩ ᠬᠠᠲᠠᠭᠤ᠂ 3—6cm ᠤᠷᠲᠤ᠂ ᠨᠠᠷᠢᠨ ᠬᠢᠷᠥᠭᠡᠨ ᠰᠢᠳᠦ ᠰᠢᠭ ᠬᠥᠪᠡᠭᠡ ᠲᠡᠢ ᠪᠥᠭᠡᠳ ᠠᠷᠤ ᠳ᠋ᠠᠭᠠᠨ ᠬᠣᠶᠠᠷ ᠵᠤᠷᠪᠤᠰ ᠴᠠᠭᠠᠨ ᠥᠩᠭᠡᠲᠦ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠂ ᠮᠥᠴᠢᠷ ᠳᠡᠭᠡᠷ᠎ᠡ ᠪᠡᠨ ᠱᠣᠷᠬᠠᠯᠠᠭᠰᠠᠨ ᠰᠢᠭ᠋ ᠴᠤᠪᠤᠷᠠᠨ ᠤᠷᠭᠤᠬᠤ ᠪᠣᠯᠪᠠᠴᠤ ᠶᠡᠷᠦ ᠳ᠋ᠡᠭᠡᠨ ᠤᠭ ᠨᠢ ᠮᠤᠷᠤᠢᠵᠤ ᠬᠣᠶᠠᠷ ᠮᠥᠷᠯᠡᠨ ᠵᠡᠷᠭᠡᠴᠡᠨ᠎ᠡ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠶᠡᠷᠦᠩᠬᠡᠢ ᠪᠠᠭᠯᠠᠭᠴᠢ ᠰᠢᠭ᠋ ᠬᠠᠢᠷᠰᠤᠨ ᠢᠯᠲᠠᠰᠤ ᠲᠠᠢ ᠪᠥᠭᠡᠳ ᠮᠥᠴᠢᠷ ᠦ᠋ᠨ ᠣᠷᠣᠢ ᠳ᠋ᠤ᠌ ᠳᠥᠴᠢ ᠲᠠᠪᠢ ᠪᠠᠷ ᠪᠠᠭᠯᠠᠷᠠᠨ ᠤᠷᠭᠤᠳᠠᠭ᠃ ᠲᠣᠭᠣᠰᠣᠪᠴᠢ ᠨᠢ ᠭᠤᠷᠪᠠᠨ ᠲᠠᠰᠤᠭ ᠲᠠᠢ᠃ ᠡᠮ᠎ᠡ ᠪᠠᠭ ᠴᠡᠴᠡᠭ ᠨᠢ ᠪᠥᠮᠪᠦᠭᠡᠨ ᠬᠡᠯᠪᠡᠷᠢ ᠲᠡᠢ᠂ ᠭᠦᠢᠬᠡᠨ ᠬᠦᠷᠡᠩ ᠥᠩᠭᠡᠲᠡᠢ ᠪᠥᠭᠡᠳ ᠮᠥᠴᠢᠷ ᠦ᠋ᠨ ᠣᠷᠣᠢ ᠳ᠋ᠤ᠌1—3 ᠪᠠᠷ ᠰᠢᠬᠠᠯᠳᠤᠨ ᠤᠷᠭᠤᠳᠠᠭ᠃ ᠪᠣᠷᠭᠣᠴᠣᠭ ᠨᠢ ᠥᠨᠳᠡᠭᠡᠯᠵᠢᠨ ᠪᠤᠶᠤ ᠪᠥᠮᠪᠥᠭᠡᠯᠢᠭ᠂2.5—5cm ᠤᠷᠲᠤ᠂ ᠪᠠᠭᠯᠠᠭᠴᠢ ᠬᠠᠢᠷᠰᠤ ᠨᠢ ᠰᠠᠷᠢᠰᠤᠯᠢᠭ᠂ ᠭᠦᠢᠬᠡᠨ ᠰᠢᠷ᠎ᠠ ᠬᠦᠷᠡᠩ᠂ ᠨᠠᠷᠢᠨ ᠬᠢᠷᠥᠭᠡᠨ ᠰᠢᠳᠦᠲᠦ ᠬᠥᠪᠡᠭᠡ ᠲᠡᠢ᠂ ᠱᠣᠪᠬᠣ ᠣᠷᠣᠢ ᠲᠠᠢ᠃ ᠦᠷ᠎ᠡ ᠶ᠋ᠢᠨ ᠬᠠᠢᠷᠰᠤ ᠨᠢ ᠵᠢᠵᠢᠭ᠂ ᠲᠤᠰ ᠪᠦᠷᠢ ᠶ᠋ᠢᠨ ᠥᠪᠥᠷ ᠲᠠᠯ᠎ᠠ ᠳ᠋ᠤ᠌ ᠭᠤᠷᠪᠠᠨ ᠦᠷ᠎ᠡ ᠪᠣᠢ᠃ ᠦᠷ᠎ᠡ ᠨᠢ ᠬᠠᠪᠲᠠᠭᠠᠢ᠂ 6—8mm ᠤᠷᠲᠤ᠂ ᠬᠦᠷᠡᠩ᠂ ᠬᠣᠶᠠᠷ ᠬᠥᠪᠡᠭᠡ ᠳ᠋ᠦ᠍ᠨᠢ ᠢᠪᠴᠤᠤ ᠳᠠᠯᠠᠪᠴᠢ ᠲᠠᠢ᠃
      ᠳᠤᠯᠠᠭᠠᠨ ᠪᠥᠭᠡᠳ ᠴᠢᠭᠢᠭᠲᠡᠢ ᠠᠭᠤᠷ ᠠᠮᠢᠰᠬᠤᠯᠲᠤ ᠭᠠᠵᠠᠷ ᠤ᠋ᠨ ᠢᠯᠵᠠᠮᠠᠭ ᠶᠡᠬᠡᠲᠡᠢ ᠡᠯᠡᠰᠦᠷᠬᠡᠭ ᠬᠥᠷᠥᠰᠥᠨ ᠳ᠋ᠦ᠍ ᠰᠠᠢᠨ ᠤᠷᠭᠤᠨ᠎ᠠ᠃
      ᠮᠠᠨ ᠤ᠋ ᠤᠯᠤᠰ ᠤ᠋ᠨ ᠣᠨᠴᠠ ᠭᠠᠷᠤᠯᠲᠠ ᠮᠥᠨ ᠪᠥᠭᠡᠳ ᠡᠮᠦᠨᠡᠲᠦ ᠬᠡᠰᠡᠭ ᠦ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃ ᠮᠣᠳᠣ ᠶ᠋ᠢ ᠨᠢ ᠭᠡᠷ ᠪᠠᠷᠢᠯᠭ᠎ᠠ᠂ ᠬᠥᠭᠥᠷᠭᠡ᠂ ᠳᠡᠷ᠎ᠡ ᠮᠣᠳᠣ᠂ ᠴᠠᠬᠢᠯᠭᠠᠨ ᠤᠲᠠᠰᠤᠨ ᠤ᠋ ᠪᠠᠭᠠᠨ᠎ᠠ ᠵᠡᠷᠭᠡ ᠳ᠋ᠦ᠍ ᠬᠡᠷᠡᠭᠯᠡᠨ᠎ᠡ᠃ ᠦᠷ᠎ᠡ ᠡᠴᠡ ᠨᠢ ᠲᠣᠰᠣ ᠠᠪᠴᠤ ᠪᠣᠯᠤᠨ᠎ᠠ᠃ ᠡᠰᠢᠨ ᠦ᠌ ᠮᠣᠳᠣᠯᠢᠭ ᠬᠡᠰᠡᠭ ᠲᠤᠨᠢ ᠠᠩᠬᠢᠯᠤᠮ᠎ᠠ ᠲᠣᠰᠣ ᠪᠣᠢ᠃ ᠦᠨᠳᠦᠰᠦ᠂ ᠨᠠᠪᠴᠢ ᠬᠢᠭᠡᠳ ᠬᠣᠯᠲᠣᠰᠣ ᠨᠢ ᠡᠮ ᠳ᠋ᠦ᠍ ᠣᠷᠣᠨ᠎ᠠ᠃
ᠬᠢᠲᠠᠳ ᠨᠡᠷ᠎ᠡ᠄杉木(杉)
ᠠᠩᠭ᠌ᠯᠢ ᠨᠡᠷ᠎ᠡ᠄ Cunninghamia lanceolata (Lamb.) Hook. 
    ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
    ᠬᠢᠨᠠᠭᠴᠢ᠄ ᠫᠤ· ᠴᠠᠭᠠᠨ