ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠡ ᠂ ᠪᠠᠳᠠᠷᠠᠬᠤ Шинэ дундад улсын уран бичлэгдэд -<1>1949 оноос өмнө мэндэлсэд - Э ᠂ Бадрах
<ᠨᠢᠭᠡ >1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠳᠡᠳ
—— ᠡ ᠂ ᠪᠠᠳᠠᠷᠠᠬᠤ Э ᠂ Бадрах
ᠡ ᠂ ᠪᠠᠳᠠᠷᠠᠬᠤ ᠶ᠋ᠢᠨ ᠲᠥᠪ ᠪᠢᠴᠢᠯᠭᠡ ᠶ᠋ᠢᠨ ᠦᠰᠦᠭ ᠨᠠᠷᠢᠨ ᠰᠣᠭᠳᠠ ᠡᠷᠴᠢᠯᠢᠭ ᠭᠤᠪᠠᠢ᠂ ᠭᠦᠶᠦᠯᠭᠡᠨ ᠪᠢᠴᠢᠯᠭᠡ ᠶ᠋ᠢᠨ ᠦᠰᠦᠭ ᠨᠢ ᠢᠷᠠᠭᠤ ᠤᠷᠤᠰᠤᠮ᠎ᠠ ᠴᠣᠭ ᠵᠢᠪᠬᠤᠭ᠎ᠠ ᠲᠠᠢ ᠰᠢᠨᠳᠠᠰᠤᠯᠢᠭ᠃
ᠡ ᠂ ᠪᠠᠳᠠᠷᠠᠬᠤ ᠪᠠᠭᠰᠢ ᠪᠠᠰᠠ ᠳᠣᠪᠲᠣᠯᠭᠠᠨ ᠪᠢᠴᠢᠯᠭᠡ ᠶ᠋ᠢᠨ ᠪᠡᠶ᠎ᠡ ᠪᠡᠨ ᠳᠠᠭᠠᠭᠰᠠᠨ ᠣᠨᠴᠠᠯᠢᠭ ᠪᠦᠬᠦᠢ ᠳᠦᠷᠢᠮ ᠭᠣᠷᠢᠮ ᠵᠢᠷᠤᠮ ᠶᠣᠰᠣᠨ ᠲᠠᠢ ᠪᠢᠴᠢᠯᠭᠡ ᠶ᠋ᠢ ᠪᠦᠲᠦᠭᠡᠵᠦ ᠳᠣᠪᠲᠣᠯᠭᠠᠨ ᠪᠢᠴᠢᠯᠭᠡ ᠭᠡᠬᠦ ᠲᠢᠭ ᠬᠡᠯᠪᠡᠷᠢ ᠲᠣᠭᠲᠠᠬᠤ ᠶ᠋ᠢᠨ ᠠᠩᠬᠠᠨ ᠤ᠋ ᠰᠠᠭᠤᠷᠢ ᠶ᠋ᠢ ᠲᠠᠯᠪᠢᠵᠠᠢ᠃ ᠳᠠᠷᠤᠢ ᠬᠥᠭᠵᠢᠯ ᠦ᠋ᠨ ᠡᠬᠢᠨ ᠦ᠌ ᠱᠠᠲᠤ ᠶ᠋ᠢ ᠨᠡᠭᠡᠭᠡᠭᠰᠡᠨ ᠬᠥᠮᠦᠨ ᠪᠣᠯ ᠡ ᠂ ᠪᠠᠳᠠᠷᠠᠬᠤ ᠪᠠᠭᠰᠢ ᠪᠣᠯᠤᠨ᠎ᠠ᠃ ᠡ ᠂ ᠪᠠᠳᠠᠷᠠᠬᠤ ᠪᠠᠭᠰᠢ ᠠ᠋ᠴᠠ ᠡᠮᠦᠨ᠎ᠡ ᠦᠶ᠎ᠡ ᠳ᠋ᠦ᠍ ᠳᠣᠪᠲᠣᠯᠭᠠᠨ ᠪᠢᠴᠢᠯᠭᠡ ᠶ᠋ᠢᠨ ᠦᠰᠦᠭ ᠪᠠᠢᠭᠰᠠᠨ ᠪᠣᠯᠪᠠᠴᠤ᠂ ᠵᠣᠬᠢᠶᠠᠯ ᠤ᠋ᠨ ᠵᠠᠷᠢᠮ ᠦᠭᠡ ᠥᠭᠦᠯᠡᠪᠦᠷᠢ ᠶ᠋ᠢᠨ ᠬᠠᠶᠠ ᠴᠠᠶᠠ ᠴᠥᠭᠡᠨ ᠦᠰᠦᠭ ᠳᠡᠭᠡᠷ᠎ᠡ ᠢᠯᠡᠷᠡᠵᠦ ᠪᠠᠢᠭᠰᠠᠨ ᠠ᠋ᠴᠠ ᠪᠢᠰᠢ ᠮᠣᠩᠭᠣᠯ ᠦᠰᠦᠭ ᠦ᠋ᠨ ᠪᠦᠬᠦᠢᠯᠡ ᠡᠯᠧᠮᠧᠨ᠋ᠲ ᠢ᠋ ᠬᠠᠮᠤᠷᠤᠭᠰᠠᠨ ᠳᠣᠪᠲᠣᠯᠭᠠᠨ ᠪᠢᠴᠢᠯᠭᠡ ᠲᠡᠢ ᠤᠷᠲᠤ ᠵᠣᠬᠢᠶᠠᠯ ᠤ᠋ᠳ ᠬᠠᠷᠠᠬᠠᠨ ᠦᠵᠡᠭᠳᠡᠭᠰᠡᠨ ᠦᠭᠡᠢ ᠪᠥᠯᠥᠭᠡ᠃ ᠡ ᠂ ᠪᠠᠳᠠᠷᠠᠬᠤ ᠪᠠᠭᠰᠢ ᠶ᠋ᠢᠨ ᠦᠶ᠎ᠡ ᠳ᠋ᠦ᠍ ᠰᠠᠶᠢ ᠣᠯᠠᠨ ᠦᠰᠦᠭ ᠲᠡᠢ᠂ ᠪᠠᠶᠠᠨ ᠠᠭᠤᠯᠭ᠎ᠠ ᠲᠠᠢ ᠪᠦᠲᠦᠭᠡᠯ ᠦ᠋ᠳ ᠮᠠᠰᠢ ᠣᠯᠠᠨ ᠢ᠋ᠶ᠋ᠠᠷ ᠵᠣᠬᠢᠶᠠᠭᠳᠠᠵᠤ ᠪᠦᠲᠦᠭᠡᠯ ᠦ᠋ᠨ ᠤᠷᠠᠯᠢᠭ ᠤ᠋ᠨ ᠣᠨᠴᠠᠯᠢᠭ ᠰᠢᠨᠵᠢ ᠶ᠋ᠢ ᠬᠤᠷᠢᠶᠠᠩᠭᠤᠢᠯᠠᠨ ᠳ᠋ᠦᠩᠨᠡᠴᠢᠬᠡᠮᠡᠷ ᠨᠥᠬᠥᠴᠡᠯ ᠢ᠋ ᠪᠦᠷᠢᠯᠳᠦᠭᠦᠯᠦᠨ ᠥᠭᠴᠡᠢ᠃
ᠡ ᠂ ᠪᠠᠳᠠᠷᠠᠬᠤ ᠪᠠᠭᠰᠢ ᠶ᠋ᠢ ᠳᠣᠪᠲᠣᠯᠭᠠᠨ ᠪᠢᠴᠢᠯᠭᠡ ᠶ᠋ᠢᠨ ᠰᠠᠭᠤᠷᠢᠯᠠᠭᠴᠢ ᠭᠡᠵᠦ ᠦᠵᠡᠬᠦ ᠶ᠋ᠢᠨ ᠪᠠᠷᠢᠮᠲᠠ ᠭᠡᠪᠡᠯ᠄
1. ᠡ ᠂ ᠪᠠᠳᠠᠷᠠᠬᠤ ᠪᠠᠭᠰᠢ ᠶ᠋ᠢᠨ ᠪᠢᠴᠢᠯᠭᠡ ᠮᠣᠩᠭᠣᠯ ᠦᠰᠦᠭ ᠦ᠋ᠨ ᠠᠴᠤᠭ ᠢ᠋ ᠳᠥᠭᠥᠮᠴᠢᠯᠡᠨ ᠪᠢᠴᠢᠬᠦ ᠶ᠋ᠢ ᠨᠢᠭᠡᠨᠲᠡ ᠪᠡᠶᠡᠯᠡᠭᠦᠯᠦᠭᠰᠡᠨ᠃
2.《 ᠯᠡ᠂ ᠮᠠ 》 ᠶ᠋ᠢᠨ ᠡᠪᠡᠷ ᠭᠡᠵᠢᠭᠡ ᠶ᠋ᠢ ᠬᠣᠯᠪᠣᠯᠳᠤᠭᠤᠯᠤᠨ ᠪᠢᠴᠢᠬᠦ᠂ ᠳᠤᠰᠤᠯ ᠢ᠋ ᠴᠢᠯᠥᠭᠡᠲᠡᠢ ᠲᠠᠯᠪᠢᠬᠤ ᠶ᠋ᠢ ᠨᠢᠭᠡᠨᠲᠡ ᠪᠡᠶᠡᠯᠡᠭᠦᠯᠦᠭᠰᠡᠨ᠃
3. ᠣᠷᠬᠢᠴᠠ ᠶ᠋ᠢ ᠬᠤᠪᠢᠷᠠᠯ ᠲᠠᠢ ᠪᠢᠴᠢᠬᠦ᠂ ᠲᠥᠪ ᠪᠢᠴᠢᠯᠭᠡ ᠶ᠋ᠢᠨ ᠬᠡᠪᠰᠢᠭᠰᠡᠨ ᠣᠷᠬᠢᠴᠠ ᠠ᠋ᠴᠠ ᠠᠰᠲᠠᠭᠠᠨ ᠴᠢᠯᠥᠭᠡᠲᠦ ᠣᠷᠬᠢᠴᠠ᠂ ᠰᠡᠯᠡᠮ᠎ᠡ ᠶ᠋ᠢᠨ ᠣᠷᠬᠢᠴᠠ᠂ ᠣᠬᠣᠷ ᠣᠷᠬᠢᠴᠠ ᠭᠠᠷᠭᠠᠬᠤ ᠮᠡᠲᠦ ᠨᠡᠯᠢᠶᠡᠳ ᠬᠡᠳᠦᠨ ᠬᠤᠪᠢᠷᠠᠯ ᠲᠠᠢ ᠣᠷᠬᠢᠴᠠ ᠶ᠋ᠢ ᠤᠶᠠᠯᠳᠤᠭᠤᠯᠤᠨ ᠬᠡᠷᠡᠭᠯᠡᠬᠦ ᠪᠠᠢᠵᠠᠢ᠃
4. ᠤᠷᠤᠭᠰᠢᠯᠠᠭ᠎ᠠ ᠴᠠᠴᠤᠯᠭ᠎ᠠ ᠶ᠋ᠢ ᠨᠢ ᠴᠦ᠍ ᠵᠢᠷᠤᠯᠭ᠎ᠠ ᠶ᠋ᠢᠨ ᠨᠠᠷᠢᠨ ᠪᠦᠳᠦᠭᠦᠨ ᠦ᠌ ᠬᠤᠪᠢᠷᠠᠯ ᠲᠠᠢ ᠪᠢᠴᠢᠬᠦ ᠮᠡᠲᠦ ᠳᠣᠪᠲᠣᠯᠭᠠᠨ ᠪᠢᠴᠢᠯᠭᠡ ᠶ᠋ᠢᠨ ᠪᠡᠶ᠎ᠡ ᠳᠠᠭᠠᠭᠠᠭᠰᠠᠨ ᠶᠣᠰᠣ ᠤᠬᠠᠭᠠᠨ ᠢ᠋ ᠠᠰᠢᠭᠯᠠᠨ ᠬᠡᠷᠡᠭᠯᠡᠬᠦ ᠪᠣᠯᠵᠠᠢ᠃ ᠲᠡᠢᠮᠦ ᠡᠴᠡ ᠡ ᠂ ᠪᠠᠳᠠᠷᠠᠬᠤ ᠪᠠᠭᠰᠢ ᠶ᠋ᠢᠨ ᠳᠣᠪᠲᠣᠯᠭᠠᠨ ᠪᠢᠴᠢᠯᠭᠡ ᠪᠣᠯ ᠳᠣᠪᠲᠣᠯᠭᠠᠨ ᠪᠢᠴᠢᠯᠭᠡ ᠶ᠋ᠢᠨ ᠳᠦᠷᠢᠮ ᠶᠣᠰᠣᠨ ᠳ᠋ᠤ᠌ ᠨᠡᠢᠴᠡᠭᠰᠡᠨ ᠪᠢᠴᠢᠯᠭᠡ ᠮᠥᠨ᠃
ᠡ ᠂ ᠪᠠᠳᠠᠷᠠᠬᠤ ᠪᠠᠭᠰᠢ ᠶ᠋ᠢ ᠳᠣᠪᠲᠣᠯᠭᠠᠨ ᠪᠢᠴᠢᠯᠭᠡ᠂ ᠲᠥᠪ ᠪᠢᠴᠢᠯᠭᠡ ᠶ᠋ᠢᠨ ᠬᠦᠯᠢᠶᠡᠰᠦᠯᠡᠯ ᠡᠴᠡ ᠰᠠᠯᠵᠤ ᠴᠢᠳᠠᠭ᠎ᠠ ᠦᠭᠡᠢ ᠣᠨᠴᠠᠯᠢᠭ ᠢ᠋ ᠶᠠᠷᠢᠪᠠᠯ᠄
1. ᠦᠰᠦᠭ ᠦ᠋ᠨ ᠨᠢᠷᠤᠭᠤ ᠪᠠᠰᠠ ᠲᠥᠪ ᠪᠢᠴᠢᠯᠭᠡ ᠶ᠋ᠢᠨ ᠠᠰ ᠬᠡᠪ ᠢ᠋ᠶ᠋ᠡᠷ ᠢ᠋ᠶ᠋ᠡᠨ ᠪᠠᠢᠭᠰᠠᠭᠠᠷ᠃ ᠦᠰᠦᠭ ᠦ᠋ᠨ ᠵᠢᠷᠤᠯᠭ᠎ᠠ ᠨᠢᠷᠤᠭᠤ ᠶ᠋ᠢᠨ ᠱᠤᠭᠤᠮ ᠠ᠋ᠴᠠ ᠰᠠᠯᠵᠤ ᠴᠢᠳᠠᠭ᠎ᠠ ᠦᠭᠡᠢ᠃ ᠦᠰᠦᠭ ᠦ᠋ᠨ ᠲᠣᠯᠣᠭᠠᠢ ᠶ᠋ᠢ ᠬᠠᠵᠠᠢᠯᠭᠠᠬᠤ᠂ ᠳᠠᠯᠵᠢᠢᠯᠭᠠᠬᠤ᠂ ᠥᠩᠭᠡᠢᠯᠭᠡᠬᠦ᠂ ᠮᠢᠳᠠᠢᠯᠭᠠᠬᠤ ᠦᠰᠦᠭ ᠦ᠋ᠨ ᠨᠢᠷᠤᠭᠤ ᠶ᠋ᠢ ᠭᠣᠣᠯ ᠱᠤᠭᠤᠮ ᠠ᠋ᠴᠠ ᠵᠡᠭᠦᠨᠰᠢ ᠬᠠᠵᠠᠢᠯᠭᠠᠬᠤ ᠂ ᠪᠠᠷᠠᠭᠤᠨᠰᠢ ᠬᠠᠵᠠᠢᠯᠭᠠᠬᠤ ᠮᠡᠲᠦ ᠳᠦᠷᠰᠦᠯᠢᠭ ᠬᠡᠯᠪᠡᠷᠢ ᠣᠷᠣᠵᠤ ᠴᠢᠳᠠᠭᠰᠠᠨ ᠦᠭᠡᠢ᠃
2.《 ᠮᠠ ᠯᠠ 》 ᠶ᠋ᠢᠨ ᠭᠡᠵᠢᠭᠡ ᠡᠪᠡᠷ ᠵᠠᠷᠢᠮ ᠢ᠋ ᠨᠢ ᠬᠣᠯᠪᠣᠨ ᠪᠢᠴᠢᠵᠦ ᠪᠠᠢᠭ᠎ᠠ ᠪᠤᠯᠪᠴᠤ ᠳᠡᠮᠡᠢ ᠬᠤᠪᠢᠷᠠᠯᠲᠠ ᠦᠭᠡᠢ᠃
3. ᠣᠷᠬᠢᠴᠠ ᠶ᠋ᠢ ᠬᠤᠪᠢᠷᠠᠭᠠᠵᠤ ᠪᠢᠴᠢᠬᠦ ᠶ᠋ᠢ ᠮᠡᠳᠡᠭᠰᠡᠨ ᠪᠣᠯᠪᠠᠴᠤ ᠳᠡᠮᠡᠢ ᠣᠯᠠᠨ ᠪᠣᠯᠵᠤ ᠴᠢᠳᠠᠭᠰᠠᠨ ᠦᠭᠡᠢ᠃
4.《ᠨᠠ ᠭᠠ ᠱᠠ 》 ᠶ᠋ᠢᠨ ᠳᠤᠰᠤᠯ ᠤ᠋ᠨ ᠬᠡᠯᠪᠡᠷᠢ ᠦᠨᠳᠦᠰᠦᠨ ᠳ᠋ᠦ᠍ ᠪᠡᠨ ᠬᠤᠪᠢᠷᠠᠯ ᠦᠭᠡᠢ᠂ ᠴᠢᠭᠯᠡᠯ ᠴᠦ᠍ ᠳᠡᠮᠡᠢ ᠬᠤᠪᠢᠷᠠᠯ ᠦᠭᠡᠢ᠃
5. ᠤᠷᠤᠭᠰᠢᠯᠠᠭ᠎ᠠ᠂ ᠴᠠᠴᠤᠯᠭ᠎ᠠ ᠶ᠋ᠢ ᠨᠠᠷᠢᠨ ᠪᠦᠳᠦᠭᠦᠨ ᠲᠡᠢ ᠬᠤᠪᠢᠷᠠᠭᠠᠭᠰᠠᠨ ᠪᠣᠯᠪᠠᠴᠤ ᠴᠢᠭᠯᠡᠯ ᠨᠢ ᠪᠦᠷ ᠲᠥᠪ ᠪᠢᠴᠢᠯᠭᠡ ᠶ᠋ᠢᠨ ᠨᠢᠷᠤᠭᠤ ᠡᠴᠠ ᠡᠮᠦᠨᠡᠰᠢ ᠥᠪᠥᠷ ᠰᠢᠳᠠᠷ ᠱᠤᠭᠤᠮ ᠵᠦᠭ ᠶᠠᠪᠤᠬᠤ ᠨᠢᠭᠡᠯᠬᠡᠨ ᠴᠢᠭᠯᠡᠯ ᠢ᠋ᠶ᠋ᠡᠷ ᠪᠢᠴᠢᠵᠦ ᠪᠠᠢᠵᠠᠢ᠃ ᠡᠬᠢᠯᠡᠯ ᠬᠢᠭᠡᠳ ᠲᠡᠭᠦᠰᠬᠡᠯ ᠦ᠋ᠨ ᠬᠤᠪᠢᠷᠠᠯ ᠭᠡᠵᠦ ᠦᠨᠳᠦᠰᠦᠨ ᠳ᠋ᠦ᠍ ᠪᠡᠨ ᠪᠠᠢᠬᠤ ᠦᠭᠡᠢ᠃
6. ᠲᠢᠲᠢᠮ ᠢ᠋ᠶ᠋ᠡᠷ ᠭᠣᠣᠯ ᠪᠣᠯᠭᠠᠭᠰᠠᠨ ᠪᠤᠰᠤᠳ ᠴᠠᠭᠠᠨᠲᠣᠯᠣᠭᠠᠢ ᠶ᠋ᠢᠨ ᠦᠰᠦᠭ ᠦ᠋ᠨ ᠬᠤᠪᠢᠷᠠᠯ ᠦᠨᠳᠦᠰᠦᠨ ᠳ᠋ᠦ᠍ ᠪᠡᠨ ᠲᠥᠪ ᠪᠢᠴᠢᠯᠭᠡ ᠶ᠋ᠢᠨ ᠵᠢᠷᠤᠯᠭ᠎ᠠ ᠠ᠋ᠴᠠ ᠪᠠᠨ ᠰᠠᠯᠵᠤ ᠴᠢᠳᠠᠭ᠎ᠠ ᠦᠭᠡᠢ ᠪᠠᠢᠵᠠᠢ᠃
7. ᠮᠥᠷ ᠮᠥᠷ ᠦ᠋ᠨ ᠵᠣᠬᠢᠮᠵᠢ ᠪᠠᠢᠷᠢᠯᠠᠭᠤᠯᠤᠯ ᠤ᠋ᠨ ᠬᠤᠪᠢ ᠳ᠋ᠤ᠌ ᠲᠥᠪ ᠪᠢᠴᠢᠯᠭᠡ ᠶ᠋ᠢᠨ ᠡᠷᠲᠡᠨ ᠦ᠌ ᠬᠡᠪᠰᠢᠮᠡᠯ ᠬᠡᠯᠪᠡᠷᠢ ᠲᠡᠢ ᠪᠠᠢᠭᠰᠠᠭᠠᠷ᠃ ᠵᠢᠱ᠌ᠢᠶᠡᠯᠡᠪᠡᠯ ᠄ ᠨᠢᠭᠡ ᠮᠥᠷ᠂ ᠬᠣᠶᠠᠷ ᠮᠥᠷ᠂ ᠭᠤᠷᠪᠠᠨ ᠮᠥᠷ᠂ ᠳᠥᠷᠪᠡᠨ ᠮᠥᠷ ᠮᠡᠲᠦ᠃ ᠣᠳᠣ ᠶ᠋ᠢᠨ ᠭᠤᠷᠪᠠᠯᠵᠢᠨ᠂ ᠳᠥᠷᠪᠡᠯᠵᠢᠨ᠂ ᠲᠥᠭᠥᠷᠢᠭ᠂ ᠵᠢᠰᠢᠭᠦᠯᠵᠢᠨ᠂ ᠳᠡᠪᠢᠭᠦᠷ ᠁ ᠣᠯᠠᠨ ᠬᠡᠯᠪᠡᠷᠢ ᠲᠡᠢ ᠪᠣᠯᠵᠤ ᠴᠢᠳᠠᠭ᠎ᠠ ᠦᠭᠡᠢ᠃
8. ᠪᠡᠬᠡ ᠶ᠋ᠢᠨ ᠭᠦᠨ ᠭᠦᠢᠬᠡᠨ᠂ ᠥᠳᠬᠡᠨ ᠰᠢᠩᠭᠡᠨ ᠢ᠋ ᠤᠯᠠᠷᠢᠭᠤᠯᠤᠨ ᠬᠡᠷᠡᠭᠯᠡᠬᠦ ᠲᠠᠯ᠎ᠠ ᠪᠠᠷ ᠴᠤ᠌ ᠨᠢᠭᠡ ᠯᠡ ᠬᠡᠪ ᠦ᠋ᠨ ᠪᠠᠢᠭᠰᠠᠭᠠᠷ᠃
9. ᠨᠢᠭᠡ ᠪᠦᠲᠦᠭᠡᠯ ᠦ᠋ᠨ ᠦᠰᠦᠭ ᠦ᠋ᠳ ᠦ᠋ᠨ ᠬᠣᠭᠣᠷᠣ ᠬᠣᠭᠣᠷᠣᠨᠳᠣᠬᠢ ᠲᠣᠭᠲᠠᠯᠴᠠᠭ᠎ᠠ᠂ ᠶᠡᠬᠡ ᠪᠠᠭ᠎ᠠ᠂ ᠨᠠᠷᠢᠨ ᠪᠦᠳᠦᠭᠦᠨ᠂ ᠬᠦᠨᠳᠦ ᠬᠥᠩᠭᠡᠨ ᠦ᠌ ᠲᠣᠬᠢᠷᠠᠭᠤᠯᠭ᠎ᠠ᠂ ᠦᠰᠦᠭ ᠦ᠋ᠳ ᠦ᠋ᠨ ᠨᠢᠭᠡ ᠨᠢ ᠨᠥᠭᠦᠭᠡ ᠪᠡᠨ ᠬᠠᠷᠠᠵᠤ ᠬᠠᠷᠠᠭᠠᠯᠵᠠᠬᠤ ᠬᠠᠷᠢᠯᠴᠠᠨ ᠲᠦ᠋ᠰᠢᠯᠴᠡᠬᠦ ᠬᠠᠷᠢᠴᠠᠭ᠎ᠠ ᠬᠠᠷᠠᠬᠠᠨ ᠪᠣᠢ ᠪᠣᠯᠵᠤ ᠴᠢᠳᠠᠭ᠎ᠠ ᠦᠭᠡᠢ᠃ ᠲᠡᠢᠮᠦ ᠡᠴᠡ ᠳᠡᠭᠡᠷᠡᠬᠢ ᠬᠡᠳᠦᠨ ᠲᠠᠯ᠎ᠠ ᠠ᠋ᠴᠠ ᠳ᠋ᠦᠩᠨᠡᠵᠦ ᠦᠵᠡᠪᠡᠯ᠄ ᠡ ᠂ ᠪᠠᠳᠠᠷᠠᠬᠤ ᠪᠠᠭᠰᠢ ᠶ᠋ᠢᠨ ᠳᠣᠪᠲᠣᠯᠭᠠᠨ ᠪᠢᠴᠢᠯᠭᠡ᠂ ᠮᠣᠩᠭᠣᠯ ᠤᠷᠠᠨ ᠪᠢᠴᠢᠯᠭᠡ ᠶ᠋ᠢᠨ ᠳᠣᠪᠲᠣᠯᠭᠠᠨ ᠪᠢᠴᠢᠯᠭᠡ ᠶ᠋ᠢᠨ ᠠᠩᠬᠠᠨ ᠤ᠋ ᠵᠠᠮ ᠢ᠋ ᠨᠡᠭᠡᠭᠡᠵᠦ᠂ ᠨᠠᠬᠢᠶᠠᠯᠠᠭᠤᠯᠤᠨ ᠰᠣᠶᠣᠭᠠᠯᠠᠭᠤᠯᠤᠨ ᠦᠨᠳᠦᠰᠦ ᠶ᠋ᠢ ᠬᠠᠳᠬᠤᠭᠰᠠᠨ ᠪᠢᠴᠢᠯᠭᠡ ᠮᠥᠨ ᠭᠡᠵᠦ ᠦᠵᠡᠵᠦ ᠪᠣᠯᠤᠨ᠎ᠠ᠃ ᠲᠥᠪ ᠪᠢᠴᠢᠯᠭᠡ ᠶ᠋ᠢᠨ《 ᠬᠦᠯᠢᠶᠡᠰᠦᠯᠡᠯ 》 ᠡᠴᠡ ᠪᠦᠷᠢᠮᠦᠰᠦᠨ ᠮᠥᠯᠲᠥᠷᠡᠵᠦ ᠴᠢᠳᠠᠭ᠎ᠠ ᠦᠭᠡᠢ ᠭᠡᠵᠦ ᠬᠡᠯᠡᠵᠦ ᠪᠣᠯᠤᠨ᠎ᠠ᠃
ᠡ ᠂ ᠪᠠᠳᠠᠷᠠᠬᠤ ᠶ᠋ᠢᠨ ᠤᠷᠠᠨ ᠪᠢᠴᠢᠯᠭᠡ 1᠂ 2

