ᠮᠠᠯᠴᠢᠨ ᠬᠥᠮᠦᠨ ᠦ ᠳᠠᠭᠤᠤ < ᠭᠤᠷᠪᠠ > – ᠴᠣ ᠂ ᠣᠷᠱᠤᠨ Малчин хүний дуу < гурав > – Чо ᠂ Оршин
ᠮᠠᠯᠴᠢᠨ ᠬᠥᠮᠦᠨ ᠦ ᠳᠠᠭᠤᠤ – ᠭᠤᠷᠪᠠ
ᠮᠢᠨᠦ ᠨᠡᠷ᠎ᠡ — ᠮᠠᠯᠴᠢᠨ
ᠮᠢᠨᠦ ᠠᠯᠳᠠᠷ — ᠡᠷ᠎ᠡ
ᠥᠯᠴᠢᠷ ᠲᠡᠰᠪᠦᠷᠢᠲᠡᠢ ᠴᠢᠨᠠᠷ ᠢ᠋ᠶ᠋ᠠᠨ
ᠥᠭᠡᠬᠦ ᠲᠣᠰᠣᠨ ᠠ᠋ᠴᠠ ᠰᠢᠮᠡᠳᠬᠡᠵᠦ
ᠥᠯ ᠳᠠᠭᠠᠭᠠᠬᠤ ᠴᠢᠳᠠᠯ ᠢ᠋ᠶ᠋ᠠᠨ
ᠥᠷᠭᠡᠨ ᠲᠠᠯ᠎ᠠ ᠠ᠋ᠴᠠ ᠣᠯᠤᠭᠠᠳ
ᠬᠠᠪᠤᠷ ᠤ᠋ᠨ ᠬᠠᠪᠰᠠᠷᠭ᠎ᠠ ᠳ᠋ᠤ᠌ ᠤᠷᠤᠭᠤᠳᠠᠭᠰᠠᠨ
ᠬᠠᠮᠤᠭ ᠣᠯᠠᠨ ᠮᠠᠯ ᠢ᠋ᠶ᠋ᠠᠨ
ᠬᠠᠢᠵᠤ ᠮᠥᠷᠳᠡᠨ ᠣᠯᠤᠭᠠᠳ
ᠬᠠᠷᠠᠩᠭᠤᠢ ᠰᠥᠨᠢ ᠪᠣᠯᠬᠤ ᠳ᠋ᠤ᠌
ᠭᠡᠷ ᠠᠳᠠᠯᠢ ᠢᠯᠴᠢᠲᠡᠢ
ᠬᠡᠭᠡᠷ᠎ᠡ ᠲᠠᠯ᠎ᠠ ᠮᠢᠨᠢ ᠡᠨᠡᠷᠢᠭᠡᠳ
ᠬᠡᠰᠢᠭ ᠦ᠋ᠨ ᠳᠠᠯᠠᠢ ᠮᠠᠯ ᠳ᠋ᠤ᠌
ᠬᠡᠷᠡᠮ ᠠᠳᠠᠯᠢᠬᠠᠨ ᠰᠠᠨᠠᠭᠳᠠᠳᠠᠭ ᠰᠠᠨ᠂
ᠲᠡᠰᠬᠢᠮ᠎ᠡ ᠡᠪᠦᠯ ᠦ᠋ᠨ ᠰᠢᠭᠤᠷᠭᠠᠨ ᠳ᠋ᠤ᠌
ᠲᠠᠰᠤᠷᠠᠭᠰᠠᠨ ᠮᠠᠯ ᠢ᠋ᠶ᠋ᠠᠨ ᠨᠡᠬᠡᠵᠦ
ᠲᠠᠯ᠎ᠠ ᠳ᠋ᠤ᠌ ᠥᠨᠵᠢᠬᠦ ᠡᠴᠡ ᠥᠭᠡᠷ᠎ᠡ
ᠲᠠᠭ ᠠᠷᠭ᠎ᠠ ᠦᠭᠡᠢ ᠪᠣᠯᠬᠤ ᠳ᠋ᠤ᠌
ᠲᠠᠯ᠎ᠠ ᠰᠠᠷ᠎ᠠ ᠴᠤ᠌ ᠲᠤᠶᠠᠭᠠᠯᠠᠵᠤ
ᠲᠠᠩᠰᠤᠭ ᠬᠥᠲᠥᠯ ᠨᠥᠮᠥᠷᠢᠯᠡᠭᠡᠳ
ᠲᠠᠰᠤᠷᠠᠵᠤ ᠭᠡᠭᠡᠭᠳᠡᠬᠦ ᠠᠶᠤᠯ ᠦᠭᠡᠢ
ᠲᠠᠭᠠᠲᠠᠢ ᠬᠣᠲᠠ ᠨᠢ ᠪᠣᠯᠳᠠᠭ ᠰᠠᠨ᠂
ᠮᠠᠯ ᠰᠦᠷᠦᠭ ᠨᠢ ᠦᠭᠡᠢ ᠪᠣᠯ
《 ᠮᠠᠯᠴᠢᠨ 》 ᠭᠡᠭᠴᠢ ᠦᠭᠡᠢ
ᠮᠠᠯ ᠮᠢᠨᠢ ᠨᠠᠳᠠ ᠬᠠᠨᠢ
ᠮᠠᠯᠴᠢᠨ ᠮᠢᠨᠦ ᠠᠮᠢ
ᠬᠡᠪᠢᠬᠦ ᠴᠢᠮᠡᠭᠡ ᠨᠢ ᠡᠬᠡᠰᠢᠭ
ᠬᠡᠬᠦᠳᠡᠭ ᠴᠡᠭᠡᠵᠢ ᠶ᠋ᠢ ᠪᠠᠶᠠᠰᠬᠠᠭᠰᠠᠨ
ᠮᠠᠯᠴᠢᠨ ᠬᠥᠮᠦᠨ ᠦ᠌ ᠵᠢᠷᠭᠠᠯ ᠢ᠋
ᠡᠳ᠋ᠯᠡᠵᠦ ᠶᠠᠪᠤᠬᠤ ᠰᠠᠢᠬᠠᠨ᠂
ᠤᠷᠭ᠎ᠠ ᠪᠠᠨ ᠲᠤᠯᠤᠨ ᠮᠣᠷᠳᠠᠭᠠᠳ
ᠮᠠᠯ ᠢ᠋ᠶ᠋ᠠᠨ ᠥᠰᠬᠡᠨ ᠶᠠᠪᠤᠬᠤ ᠳ᠋ᠤ᠌
ᠠᠭᠤᠳᠠᠮ ᠲᠠᠯ᠎ᠠ ᠶ᠋ᠢᠨ ᠡᠯᠢᠭᠡᠨ ᠳ᠋ᠦ᠍
ᠠᠭᠤᠵᠢᠷᠠᠲᠠᠯ᠎ᠠ ᠪᠠᠬᠠᠳᠤᠨ ᠳᠠᠭᠤᠯᠠᠬᠤ ᠳ᠋ᠤ᠌
ᠥᠭᠭᠢᠶᠡᠮᠦᠷ᠂ ᠬᠠᠨᠠᠭᠠᠷ ᠪᠡᠯᠴᠢᠭᠡᠷ ᠦ᠋ᠨ
ᠡᠪᠡᠰᠦᠨ ᠲᠣᠯᠣᠭᠠᠢ ᠨᠠᠬᠢᠯᠵᠠᠭᠠᠳ
ᠥᠳᠬᠡᠨ ᠪᠠᠶᠠᠨ ᠰᠦᠷᠦᠭ
ᠦᠷᠭᠦᠵᠦ ᠬᠣᠯᠠᠳᠤᠯ ᠦᠭᠡᠢ ᠲᠣᠭᠣᠷᠢᠭᠠᠳ
ᠪᠣᠳᠣᠯ ᠤ᠋ᠨ ᠰᠦᠨᠡᠰᠦ ᠶ᠋ᠢ ᠬᠤᠷᠤᠢᠯᠠᠵᠤ
ᠪᠤᠯᠭᠢᠬᠤ ᠵᠢᠷᠦᠬᠡ ᠶ᠋ᠢ ᠯᠤᠭᠰᠢᠭᠤᠯᠤᠨᠠ᠃
ᠢᠷᠡᠯᠲᠡ᠄ ᠴᠣ᠂ ᠣᠷᠱᠤᠨ ᠤ᠋《ᠮᠠᠯᠴᠢᠨ ᠬᠥᠮᠦᠨ ᠦ᠌ ᠳᠠᠭᠤᠤ 》 ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 24
ᠠᠮᠤᠭᠤᠯᠠᠩ ᠪᠠᠯᠭᠠᠰᠤᠨ ᠳ᠋ᠤ᠌
