ᠵᠠᠩᠭᠠᠷ ᠪᠠᠭᠠᠲᠤᠷ06ᠵᠠᠩᠭᠠᠷ ᠤᠷᠠᠨ ᠠᠷᠭ᠎ᠠ ᠬᠡᠷᠡᠭ᠌ᠯᠡᠭ᠌ᠰᠡᠨ ᠨᠢЗангар уран арга хэрэглэсэн нь ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠪᠠᠭᠠᠲᠤᠷ06ᠵᠠᠩᠭᠠᠷ ᠤᠷᠠᠨ ᠠᠷᠭ᠎ᠠ ᠬᠡᠷᠡᠭ᠌ᠯᠡᠭ᠌ᠰᠡᠨ ᠨᠢЗангар уран арга хэрэглэсэн нь

ᠵᠠᠩᠭᠠᠷ ᠪᠠᠭᠠᠲᠤᠷ06ᠵᠠᠩᠭᠠᠷ ᠤᠷᠠᠨ ᠠᠷᠭ᠎ᠠ ᠬᠡᠷᠡᠭ᠌ᠯᠡᠭ᠌ᠰᠡᠨ ᠨᠢЗангар уран арга хэрэглэсэн нь

2024-03-28

908

ᠵᠠᠩᠭᠠᠷ ᠤᠷᠠᠨ ᠠᠷᠭ᠎ᠠ ᠬᠡᠷᠡᠭ᠌ᠯᠡᠭ᠌ᠰᠡᠨ ᠨᠢ

    ᠵᠢᠷᠭᠤᠳᠤᠭᠠᠷ ᠪᠦᠯᠦᠭ 

ᠵᠠᠩᠭᠠᠷ ᠵᠠᠩᠭᠠᠷ 
ᠵᠠᠩᠭᠠᠷ ᠵᠠᠩᠭᠠᠷ 
ᠬᠥᠭ᠌ᠯᠡᠷᠡᠵᠦ ᠣᠳᠤᠭ᠍ᠰᠠᠨ ᠴᠠᠭ ᠬᠤᠭᠤᠴᠠᠭ᠎ᠠ ᠶᠢ ᠡᠪᠬᠡᠨ ᠡᠪᠬᠡᠭ᠌ᠰᠡᠭᠡᠷ 
ᠡᠪᠦᠯ ᠦᠨ ᠰᠠᠯᠬᠢᠨ ᠤ ᠴᠢᠮᠡᠭᠡ ᠪᠢᠳᠠᠨ ᠢ ᠴᠢᠭ᠌ᠯᠡᠨ ᠠᠢᠰᠤᠢ 
ᠵᠠᠩᠭᠠᠷ ᠵᠠᠩᠭᠠᠷ 
ᠵᠡᠭᠦᠳᠦᠨ ᠡᠴᠡ ᠮᠠᠨᠳᠤᠭᠠᠳ ᠵᠠᠩᠭᠠᠷ ᠵᠠᠩᠭᠠᠷ 
ᠵᠢᠷᠦᠬᠡᠨ ᠳᠦ ᠣᠷᠣᠰᠢᠨ᠎ᠠ ᠵᠠᠩᠭᠠᠷ ᠵᠠᠩᠭᠠᠷ 
ᠴᠠᠭ ᠬᠤᠭᠤᠴᠠᠭ᠎ᠠ ᠶᠢ ᠬᠠᠮᠲᠤ ᠳᠤ ᠪᠠᠨ ᠲᠤᠭᠤᠯᠵᠠᠭᠠᠶ᠎ᠠ ᠪᠢᠳᠡ 
ᠴᠠᠰᠤ ᠵᠤᠳ ᠢ ᠳᠠᠭᠠᠷᠢᠭᠠᠳ 
ᠰᠠᠯᠬᠢᠨ ᠤ ᠴᠢᠮᠡᠭᠡ ᠶᠢ ᠬᠦᠯᠢᠶᠡᠵᠦ ᠳᠡᠭᠦᠯᠢᠨ ᠨᠢᠰᠦᠨ᠎ᠡ 
ᠵᠠᠩᠭᠠᠷ ᠵᠠᠩᠭᠠᠷ  
ᠪᠢᠳᠡ ᠣᠨ ᠴᠠᠭ ᠤᠨ ᠡᠭᠡᠯᠵᠢᠨ ᠳᠦ 
ᠠᠯᠤᠰ ᠬᠢᠵᠠᠭᠠᠷ ᠢ ᠵᠣᠷᠢᠭᠠᠳ ᠳᠡᠭᠦᠯᠢᠨ ᠨᠢᠰᠦᠨ᠎ᠡ 
ᠵᠠᠩᠭᠠᠷ ᠵᠠᠩᠭᠠᠷ


ᠤᠷᠠᠨ ᠪᠢᠷ ᠦᠨ ᠦᠵᠦᠭᠦᠷ ᠰᠣᠳᠣ ᠪᠡᠶ᠎ᠡ ᠶᠢᠨ
ᠶᠢᠷᠲᠢᠨᠴᠦ ᠤᠭᠰᠠᠭ᠎ᠠ
ᠤᠳᠠᠵᠤ ᠬᠥᠭ᠌ᠯᠡᠷᠡᠬᠦ ᠲᠡᠦᠬᠡ ᠶᠢᠨ ᠭᠡᠭᠡ ᠲᠣᠳᠣᠷᠠᠨ ᠠᠢᠰᠤᠢ
ᠵᠠᠩᠭᠠᠷ ᠵᠠᠩᠭᠠᠷ 
ᠰᠡᠭᠦᠳᠡᠷ ᠡᠴᠡ ᠪᠡᠨ ᠠᠶᠤᠬᠤ ᠦᠭᠡᠢ
ᠢᠵᠢᠯᠢᠳᠦᠨ ᠣᠷᠣᠰᠢᠳᠠᠭ
ᠴᠠᠭ ᠬᠤᠭᠤᠴᠠᠭ᠎ᠠ ᠶᠢ ᠬᠠᠮᠲᠤ ᠳᠤ ᠪᠠᠨ ᠲᠤᠭᠤᠯᠵᠠᠭᠠᠶ᠎ᠠ ᠪᠢᠳᠡ
ᠴᠠᠰᠤ ᠵᠤᠳ ᠢ ᠳᠠᠭᠠᠷᠢᠭᠠᠳ
ᠰᠠᠯᠬᠢᠨ ᠤ ᠴᠢᠮᠡᠭᠡ ᠶᠢ ᠬᠦᠯᠢᠶᠡᠵᠦ ᠳᠡᠭᠦᠯᠢᠨ ᠨᠢᠰᠦᠨ᠎ᠡ
ᠵᠠᠩᠭᠠᠷ ᠵᠠᠩᠭᠠᠷ 
ᠪᠢᠳᠡ ᠣᠨ ᠴᠠᠭ ᠤᠨ ᠡᠭᠡᠯᠵᠢᠨ ᠳᠦ
ᠠᠯᠤᠰ ᠬᠢᠵᠠᠭᠠᠷ ᠢ ᠵᠣᠷᠢᠭᠠᠳ ᠳᠡᠭᠦᠯᠢᠨ ᠨᠢᠰᠦᠨ᠎ᠡ
ᠵᠠᠩᠭᠠᠷ ᠵᠠᠩᠭᠠᠷ


ᠠᠷᠠᠨᠵᠠᠯ ᠮᠢᠨᠢ᠂ ᠠᠳᠤᠭᠤᠨ ᠰᠥᠷᠦᠭ ᠢ ᠨᠢ ᠲᠠᠭᠤᠵᠠᠭᠠᠶ᠎ᠠ᠃ 
ᠲᠣᠷ|
ᠶᠠᠭᠠᠬᠢᠭ᠍ᠰᠠᠨ ᠪᠣᠢ? 
ᠬᠠ᠊ ᠁᠎ ᠊᠊᠊᠊ᠢ
ᠬᠦᠶᠢ᠂ ᠨᠡᠬᠡᠷᠡᠨ᠂ ᠨᠠᠷᠠᠨ ᠤᠷᠭᠤᠬᠤ ᠡᠮᠦᠨ᠎ᠡ ᠵᠦᠭ ᠦᠨ ᠬᠠᠭᠠᠨ ᠤ ᠭᠦᠩᠵᠦ ᠦᠨᠡᠬᠡᠷ ᠦᠵᠡᠰᠬᠦᠯᠡᠩ ᠲᠠᠢ ᠭᠡᠨ᠎ᠡ ᠯᠠᠢ᠃ᠵᠡᠭᠦᠨ ᠲᠡᠢᠰᠢ ᠬᠠᠷᠠᠬᠤ ᠳᠤ ᠨᠢ ᠵᠡᠭᠦᠨ ᠵᠦᠭ ᠦᠷ ᠴᠠᠢᠭ᠍ᠰᠠᠨ ᠶᠤᠮ ᠰᠢᠭ᠋ ᠭᠡᠷᠡᠯᠲᠦᠵᠦ ᠪᠠᠢᠳᠠᠭ ᠭᠡᠰᠡᠨ᠃ᠬᠠᠷᠢᠨ ᠪᠠᠷᠠᠭᠤᠨ ᠵᠦᠭ ᠬᠠᠷᠠᠵᠤ ᠬᠡᠪᠲᠡᠬᠦ ᠳᠦ ᠪᠠᠷᠠᠭᠤᠨ ᠵᠦᠭ ᠦᠷ ᠴᠠᠢᠭ᠍ᠰᠠᠨ ᠶᠤᠮ ᠰᠢᠭ᠋ ᠪᠣᠯᠵᠤ᠂ ᠪᠠᠷᠠᠭᠤᠨ ᠵᠦᠭ ᠦᠨ ᠵᠢᠭᠠᠰᠤ ᠵᠢᠷᠠᠭᠠᠬᠠᠢ ᠲᠣᠭᠠᠯᠠᠭ᠍ᠳᠠᠮᠠᠷ ᠪᠣᠯᠳᠠᠭ ᠭᠡᠨ᠎ᠡ᠃ ᠴᠠᠰᠤᠨ ᠴᠠᠭᠠᠨ ᠴᠢᠷᠠᠢ ᠲᠠᠢ᠂ ᠴᠢᠰᠤᠨ ᠤᠯᠠᠭᠠᠨ ᠤᠷᠤᠭᠤᠯ ᠲᠠᠢ᠂ ᠲᠠᠰ ᠬᠠᠷ᠎ᠠ ᠭᠡᠵᠢᠭᠡ ᠨᠢ ᠲᠠᠰᠢᠶᠠᠨ ᠬᠣᠭᠣᠷᠣᠨᠳᠤ ᠨᠠᠮᠢᠷᠠᠵᠤ ᠪᠠᠢᠳᠠᠭ ᠭᠡᠨ᠎ᠡ᠂ᠮᠥᠩᠭᠦ ᠪᠠᠷ ᠭᠦᠷᠦᠭ᠌ᠰᠡᠨ ᠴᠢᠮᠡᠭ᠌ᠯᠡᠯ ᠨᠢ ᠴᠡᠭᠡᠵᠢᠨ ᠤ ᠡᠮᠦᠨ᠎ᠡ ᠨᠢ ᠭᠢᠯᠠᠯᠵᠠᠵᠤ᠁ᠡᠨᠡ ᠭᠦᠩᠵᠦ ᠶᠢ ᠠᠪᠤᠶ᠎ᠠ ᠭᠡᠪᠡᠯ 
ᠬᠢ ᠬᠢ ᠬᠢ᠁
ᠡᠷ᠎ᠡ ᠶᠢᠨ ᠭᠤᠷᠪᠠᠨ ᠨᠠᠭᠠᠳᠤᠮ ᠪᠣᠯᠬᠤ ᠶᠤᠮ ᠭᠡᠰᠡᠨ᠃
ᠡᠨᠡ ᠪᠡᠶ᠎ᠡ ᠮᠢᠨᠢ ᠲᠡᠷᠡ ᠨᠠᠭᠠᠳᠤᠮ ᠳᠤ ᠣᠷᠣᠯᠴᠠᠵᠤ ᠢᠯᠠᠭᠠᠳ ᠦᠵᠡᠰᠭᠦᠯᠡᠩᠲᠠᠢ ᠭᠦᠩᠵᠦ ᠶᠢ ᠠᠪᠬᠤ ᠶᠤᠮ ᠪᠣᠯ ᠡᠨᠡ ᠨᠠᠰᠤᠨ ᠳᠤ ᠮᠢᠨᠢ ᠬᠠᠷᠠᠮᠰᠠᠯ ᠭᠡᠵᠦ ᠦᠭᠡᠢ ᠳ᠋ᠠ᠃
ᠲᠣᠷ —
ᠬᠡᠩ —
ᠴᠢᠨᠦ ᠮᠥᠷᠥᠭᠡᠳᠦᠯ ᠴᠢᠨᠢ ᠡᠢᠮᠦ ᠵᠢᠵᠢᠭ᠌ᠬᠡᠨ᠂ ᠥᠴᠥᠬᠡᠨ ᠶᠠᠭᠤᠮ᠎ᠠ ᠪᠠᠢᠭ᠍ᠰᠠᠨ ᠶᠤᠮ ᠦᠦ? ᠪᠢ ᠪᠣᠯ ᠲᠠᠯ᠎ᠠ ᠨᠤᠲᠤᠭ ᠤᠨ ᠠᠭᠤᠤ ᠬᠠᠭᠠᠨ ᠪᠣᠯᠣᠮᠠᠷ ᠪᠠᠢᠨ᠎ᠠ᠃
ᠠ ᠎᠎᠎—
ᠬᠤᠨᠳᠠᠨ ᠴᠠᠭᠠᠨ ᠣᠷᠳᠣᠨ ᠢᠶᠠᠨ ᠪᠠᠷᠢᠭᠠᠳ ᠬᠠᠮᠤᠭ ᠣᠯᠠᠨ ᠢ ᠵᠠᠬᠢᠷᠬᠤ ᠰᠠᠨ᠂ ᠲᠣᠯᠣᠭᠠᠢ ᠲᠠᠢ ᠪᠥᠬᠥᠨ ᠲᠣᠩᠭᠤᠢᠵᠤ᠂ ᠬᠥᠯ ᠲᠠᠢ ᠪᠣᠯᠭᠠᠨ ᠨᠠᠳᠠ ᠳᠤ ᠰᠥᠬᠥᠷᠡᠵᠦ ᠮᠥᠷᠭᠥᠬᠦ ᠪᠣᠯᠣᠨ᠎ᠠ᠃ ᠲᠡᠭᠡᠬᠦ ᠶᠤᠮ ᠪᠣᠯ ᠬᠠᠭᠠᠳ ᠤᠨ ᠳᠤᠮᠳᠠ ᠠᠴᠠ ᠬᠠᠭᠠᠨ ᠯᠡ ᠭᠡᠰᠡᠨ ᠦᠭᠡ ᠰᠢᠦ ᠳ᠋ᠠ᠃
ᠢ ᠬᠤ ᠬᠤ —
ᠮᠢᠨᠤ ᠮᠥᠷᠥᠭᠡᠳᠦᠯ ᠡᠢᠮᠦ ᠯᠡ ᠠᠭᠤᠤ ᠪᠠᠢᠭ᠎ᠠ ᠶᠤᠮ ᠳ᠋ᠠ᠃
ᠡᠩ —
ᠶᠣ — ᠶᠣ ᠶᠣ —
ᠬᠢ ᠬᠢ ᠬᠢ᠁
ᠵᠠ ᠪᠣᠯᠢ ᠳ᠋ᠠ ᠴᠢ᠂ ᠠᠯᠢᠪ ᠡ᠂ ᠰᠡᠷᠡᠵᠦ ᠦᠵᠡᠭᠡᠴᠢ!
ᠠ᠎—
ᠪᠢᠳᠡ ᠴᠢᠨᠢ ᠵᠦᠭᠡᠷ ᠯᠡ ᠨᠢᠭᠡ ᠠᠳᠤᠭᠤᠴᠢᠨ ᠰᠢᠦ ᠳ᠋ᠠ᠂ ᠠᠳᠤᠭᠤ ᠪᠠᠨ ᠠᠯᠳᠠᠴᠢᠬᠠᠬᠤ ᠦᠭᠡᠢᠬᠡᠨ ᠰᠢᠭ ᠬᠠᠷᠢᠭᠤᠯᠬᠤ ᠪᠠᠨ ᠯᠡ ᠪᠣᠳᠣᠶ᠎ᠠ᠃ ᠬᠣᠭᠣᠰᠤᠨ ᠵᠦᠢᠯ ᠮᠥᠷᠥᠭᠡᠳᠦᠭᠡᠳ᠁
ᠰᠠᠨᠠᠵᠤ ᠶᠠᠪᠤᠪᠠᠯ ᠪᠦᠲᠦᠨ᠎ᠡ᠂ ᠰᠠᠵᠢᠯᠠᠵᠤ ᠶᠠᠪᠤᠪᠠᠯ ᠬᠦᠷᠦᠨ᠎ᠡ ᠭᠡᠳᠡᠭ ᠶᠤᠮ᠃ ᠴᠢ ᠪᠢᠳᠡ ᠬᠣᠶᠠᠷ ᠰᠢᠭ᠋ ᠨᠢᠭᠡ ᠠᠳᠤᠭᠤᠴᠢᠨ ᠵᠠᠯᠠᠭᠤ ᠵᠠᠯᠪᠠᠷᠢᠭ᠍ᠰᠠᠭᠠᠷ ᠪᠠᠢᠭᠠᠳ ᠰᠢᠳᠢᠲᠦ ᠴᠠᠭᠠᠨ ᠡᠪᠦᠭᠡᠨ ᠲᠠᠢ ᠠᠭᠤᠯᠵᠠᠭᠠᠳ ᠬᠦᠰᠡᠯ ᠨᠢ ᠪᠡᠶᠡᠯᠡᠭ᠌ᠰᠡᠨ ᠶᠤᠮ ᠭᠡᠨ᠎ᠡ ᠯᠠᠢ᠃
ᠣᠳᠣ ᠲᠡᠭᠡᠭᠡᠳ ᠲᠡᠷᠡ ᠠᠳᠤᠭᠤᠴᠢᠨ ᠬᠣᠢᠲᠤ ᠵᠦᠭ ᠦᠨ ᠴᠤᠤᠲᠠᠢ ᠪᠠᠭᠠᠲᠤᠷ ᠡᠷ᠎ᠡ ᠪᠣᠯᠤᠭᠰᠠᠨ ᠶᠤᠮ ᠭᠡᠨ᠎ᠡ ᠯᠠᠢ᠃
ᠥ᠂ ᠲᠡᠢᠮᠦ ᠦᠦ!
ᠲᠡᠢᠮᠦ ᠡ᠂ ᠲᠡᠢᠮᠦ ᠭᠡᠨ᠎ᠡ᠃
ᠡ ᠎—  ᠪᠢᠳᠠᠨ ᠳᠡᠭᠡᠷ᠎ᠡ ᠲᠡᠷᠡ ᠰᠢᠳᠢ ᠲᠠᠢ ᠴᠠᠭᠠᠨ ᠡᠪᠦᠭᠡᠨ ᠢᠷᠡᠳᠡᠭ ᠴᠤ᠌ ᠪᠣᠯᠣᠭᠠᠰᠠᠢ ᠳ᠋ᠠ᠃ ᠠᠢ᠁
ᠡᠩ — ᠡᠳᠦᠷ ᠪᠣᠯᠭᠠᠨ ᠮᠥᠩᠬᠡ ᠬᠥᠬᠡ ᠲᠡᠭ᠌ᠷᠢ ᠡᠴᠡ ᠪᠡᠨ ᠭᠣᠶᠣᠬᠤ ᠬᠡᠷᠡᠭ᠌ᠲᠡᠢ ᠬᠥ ᠂ ᠨᠢᠭᠡ ᠯᠡ ᠡᠳᠦᠷ ᠪᠦᠲᠦᠨ᠎ᠡ ᠳ᠋ᠠ᠃
ᠬᠥᠱ᠌ᠢ!ᠲᠠᠢᠪᠤᠩ ᠴᠤ᠌ ᠪᠠᠢᠯᠭᠠᠬᠤ ᠦᠭᠡᠢ ᠶᠤᠮ ᠡ᠃ 
ᠬᠠᠢ᠁
ᠥ ᠎— ᠶᠠᠭᠤ ᠪᠣᠢ?
ᠬᠣᠢ ᠰᠠᠯᠬᠢ ᠯᠡ ᠪᠠᠢᠨ᠎ᠠ ᠰᠢᠳᠡ᠃
ᠴᠠᠭᠠᠨ ᠡᠪᠦᠭᠡᠨ!
ᠬᠠ ᠬᠠ ᠬᠠ᠁ ᠲᠠ ᠬᠣᠶᠠᠷ ᠤᠨ ᠵᠠᠯᠪᠠᠷᠢᠬᠤ ᠶᠢ ᠰᠣᠨᠣᠰᠤᠭᠠᠳ ᠯᠡ ᠪᠢ ᠬᠥᠷᠥᠭᠡᠳ ᠢᠷᠠᠯ᠎ᠠ᠃
ᠠ᠁
ᠡᠪᠦᠭᠡ᠁ ᠡᠪᠦᠭᠡ ᠨᠠᠳᠠ ᠳᠤ ᠲᠡᠷᠡ ᠦᠵᠡᠰᠭᠦᠯᠡᠩᠲᠡᠢ ᠭᠦᠩᠵᠦ ᠶᠢ ᠥᠭ᠌ᠭᠦᠭᠡᠴᠢ ᠳ᠋ᠠ! ᠡ᠊ ᠁ ᠡᠩ — 
ᠡᠩ᠂ ᠪᠢ ᠬᠠᠭᠠᠨ ᠪᠣᠯᠣᠮᠠᠷ ᠪᠠᠢᠨ᠎ᠠ᠂ ᠨᠠᠮ᠎ᠠ ᠶᠢ ᠬᠠᠭᠠᠨ ᠪᠣᠯᠭᠠᠭᠠᠳ ᠥᠭ᠌ᠭᠦᠭᠡᠴᠢ ᠳ᠋ᠠ!
ᠴᠢ! ᠡᠩ — 
ᠦᠭᠡᠢ ᠬᠦᠶᠢ! ᠡᠩ᠁
ᠪᠠᠢᠵᠠ!ᠪᠠᠢᠵᠠ᠂ ᠪᠠᠢᠵᠠ᠂ ᠪᠠᠢᠵᠠ᠂ ᠲᠠ ᠬᠣᠶᠠᠷ ᠤᠨ ᠬᠦᠰᠡᠯ ᠪᠡᠶᠡᠯᠡᠬᠦ ᠪᠣᠯᠣᠨ᠎ᠠ᠃
ᠠ᠁
ᠡᠨᠡ ᠰᠢᠳᠢᠲᠦ ᠵᠤᠯᠠ ᠭᠤᠷᠪᠠᠨ ᠵᠠᠭᠤᠨ ᠰᠠᠬᠢᠭᠤᠰᠤ ᠲᠠᠢ ᠃ ᠬᠣᠢᠲᠤ ᠵᠦᠭ ᠦᠨ ᠬᠠᠭᠠᠨ ᠨᠠᠢᠷ ᠨᠠᠭᠠᠳᠤᠮ ᠬᠢᠵᠦ ᠪᠠᠢᠭ᠎ᠠ᠂ ᠴᠢ ᠮᠣᠷᠢ ᠪᠠᠨ ᠤᠨᠤᠭᠠᠳ ᠲᠡᠢᠰᠢ ᠪᠡᠨ ᠶᠠᠪᠤ᠂ ᠣᠴᠢᠭᠠᠳ ᠵᠤᠯᠠ ᠶᠢ ᠠᠰᠠᠭᠠᠬᠤ ᠳᠤ ᠴᠢᠮ᠎ᠠ ᠳᠤ ᠥᠷᠢᠰᠦᠯᠳᠦᠭ᠌ᠴᠢ ᠦᠭᠡᠢ ᠪᠣᠯᠣᠨ᠎ᠠ᠃ ᠡᠩ — 
ᠢᠩᠭᠢᠭᠡᠳ ᠯᠡ ᠭᠦᠩᠵᠦ ᠴᠢᠨᠦᠬᠢ ᠪᠣᠯᠬᠤ ᠪᠣᠯᠣᠨ᠎ᠠ ᠳ᠋ᠠ᠃
ᠣᠢᠯᠠᠭᠠᠯ᠎ᠠ ᠡᠪᠦᠭᠡ᠂ ᠣᠳᠣᠬᠠᠨ ᠪᠢ ᠭᠦᠩᠵᠦ ᠤᠷᠤᠭᠤ ᠪᠠᠨ ᠮᠣᠷᠳᠠᠯ᠎ᠠ! 
ᠢ ᠬᠤ ᠬᠤ —
ᠴᠥᠬᠥ᠁
ᠡᠪᠦᠭᠡ᠂ ᠨᠠᠮ᠎ᠠ ᠶᠢ ᠶᠠᠭᠠᠬᠢᠬᠤ ᠪᠣᠢ?
ᠴᠢ ᠡᠭᠦᠨ ᠢ ᠠᠪ᠃
ᠥ᠂ ᠵᠠ! ᠲᠡᠭᠡᠭᠡᠳ ᠣᠳᠣ ᠶᠠᠭᠠᠬᠢᠬᠤᠪ?
ᠡᠨᠡ ᠬᠢᠲᠤᠭ᠎ᠠ ᠨᠢ ᠴᠤ᠌ ᠪᠠᠰᠠ ᠭᠤᠷᠪᠠᠨ ᠵᠠᠭᠤᠨ ᠰᠠᠬᠢᠭᠤᠰᠤ ᠪᠣᠢ᠃ 
ᠡ ᠬᠡ —
ᠴᠢ ᠬᠣᠢᠲᠤ ᠵᠦᠭ ᠢ ᠵᠣᠷᠢ!
ᠵᠠ!
ᠲᠡᠨᠳᠡ ᠮᠥᠨ ᠬᠠᠭᠠᠨ ᠡᠵᠡᠨ ᠢᠶᠡᠨ ᠲᠣᠳᠣᠷᠠᠭᠤᠯᠵᠤ ᠪᠣᠢ᠂ ᠲᠡᠨᠳᠡ ᠣᠴᠢᠭᠠᠳ ᠬᠢᠲᠤᠭ᠎ᠠ ᠪᠠᠨ ᠰᠤᠭᠤᠯ᠃
ᠲᠡᠭᠡᠭᠡᠳ ᠴᠢ ᠬᠠᠭᠠᠨ ᠪᠣᠯᠵᠤ᠁
ᠴᠥᠬᠥ ᠴᠥᠬᠥ᠁
ᠬᠢ ᠬᠢ ᠬᠢ ᠬᠢ᠁

ᠤᠷᠠᠨ ᠪᠢᠷ ᠦᠨ ᠦᠵᠦᠭᠦᠷ ᠰᠣᠳᠣ ᠪᠡᠶ᠎ᠡ ᠶᠢᠨ
ᠶᠢᠷᠲᠢᠨᠴᠦ ᠤᠭᠰᠠᠭ᠎ᠠ
ᠤᠳᠠᠵᠤ ᠬᠥᠭ᠌ᠯᠡᠷᠡᠬᠦ ᠲᠡᠦᠬᠡ ᠶᠢᠨ ᠭᠡᠭᠡ ᠲᠣᠳᠣᠷᠠᠨ ᠠᠢᠰᠤᠢ
ᠵᠠᠩᠭᠠᠷ ᠵᠠᠩᠭᠠᠷ 
ᠰᠡᠭᠦᠳᠡᠷ ᠡᠴᠡ ᠪᠡᠨ ᠠᠶᠤᠬᠤ ᠦᠭᠡᠢ
ᠢᠵᠢᠯᠢᠳᠦᠨ ᠣᠷᠣᠰᠢᠳᠠᠭ
ᠴᠠᠭ ᠬᠤᠭᠤᠴᠠᠭ᠎ᠠ ᠶᠢ ᠬᠠᠮᠲᠤ ᠳᠤ ᠪᠠᠨ ᠲᠤᠭᠤᠯᠵᠠᠭᠠᠶ᠎ᠠ ᠪᠢᠳᠡ
ᠴᠠᠰᠤ ᠵᠤᠳ ᠢ ᠳᠠᠭᠠᠷᠢᠭᠠᠳ
ᠰᠠᠯᠬᠢᠨ ᠤ ᠴᠢᠮᠡᠭᠡ ᠶᠢ ᠬᠦᠯᠢᠶᠡᠵᠦ ᠳᠡᠭᠦᠯᠢᠨ ᠨᠢᠰᠦᠨ᠎ᠡ
ᠵᠠᠩᠭᠠᠷ ᠵᠠᠩᠭᠠᠷ 
ᠪᠢᠳᠡ ᠣᠨ ᠴᠠᠭ ᠤᠨ ᠡᠭᠡᠯᠵᠢᠨ ᠳᠦ
ᠠᠯᠤᠰ ᠬᠢᠵᠠᠭᠠᠷ ᠢ ᠵᠣᠷᠢᠭᠠᠳ ᠳᠡᠭᠦᠯᠢᠨ ᠨᠢᠰᠦᠨ᠎ᠡ
ᠵᠠᠩᠭᠠᠷ ᠵᠠᠩᠭᠠᠷ

   ᠦᠰᠦᠭ ᠬᠠᠳᠠᠭ᠍ᠰᠠᠨ ᠨᠢ᠄ ᠮᠥᠩᠭᠦᠨᠴᠡᠴᠡᠭ
   ᠦᠰᠦᠭ ᠠᠮᠢᠯᠠᠭᠤᠯᠤᠭ᠍ᠰᠠᠨ ᠨᠢ᠄ ᠮᠥᠩᠭᠦᠨᠴᠡᠴᠡᠭ
   ᠬᠢᠨᠠᠭ᠍ᠴᠢ ᠪᠠᠭ᠍ᠰᠢ᠄ ᠮᠥᠴᠢᠷ