ᠵᠠᠩᠭᠠᠷ ᠪᠠᠭᠠᠲᠤᠷ05-ᠵᠠᠩᠭᠠᠷ᠂ ᠮᠥᠩᠭᠦᠨ ᠰᠢᠭ᠌ᠰᠢᠷᠡᠭᠡ ᠶᠢᠨ ᠬᠠᠲᠠᠭᠤ ᠡᠭᠦᠷᠭᠡ ᠶᠢ ᠬᠦᠯᠢᠶᠡᠭ᠌ᠰᠡᠨ ᠨᠢЗангар, мөнгөн шигшрээгийн хатуу үүргийг хүлээсэн нь
ᠵᠠᠩᠭᠠᠷ᠂ ᠮᠥᠩᠭᠦᠨ ᠰᠢᠭ᠌ᠰᠢᠷᠡᠭᠡ ᠶᠢᠨ ᠬᠠᠲᠠᠭᠤ ᠡᠭᠦᠷᠭᠡ ᠶᠢ ᠬᠦᠯᠢᠶᠡᠭ᠌ᠰᠡᠨ ᠨᠢ
ᠲᠠᠪᠤᠳᠤᠭᠠᠷ ᠪᠦᠯᠦᠭ
ᠪᠠᠶᠠᠷᠯᠠᠯ᠎ᠠ᠂ ᠨᠠᠢᠵᠠ ᠨᠤᠭᠤᠳ ᠮᠢᠨᠢ᠃
ᠵᠠᠩᠭᠠᠷ ᠮᠢᠨᠢ᠂ ᠬᠤᠷᠳᠤᠨ ᠶᠠᠪᠤ!
ᠠᠪᠤ ᠴᠢᠮ᠎ᠠ ᠶᠢ ᠥᠷᠥᠰᠢᠶᠡᠬᠦ ᠦᠭᠡᠢ᠂ ᠡᠷᠭᠢᠵᠦ ᠢᠷᠡᠬᠦ ᠦᠭᠡᠢ ᠪᠡᠷ ᠬᠣᠯᠠᠬᠠᠨ ᠰᠢᠭ᠋ ᠵᠢᠭᠤᠲᠠ᠃
ᠬᠣᠩᠭᠤᠷ ᠠᠨᠳᠠ ᠨᠠᠢᠵᠠ ᠮᠢᠨᠢ᠂ᠡᠷᠳᠡᠨᠢ ᠶᠢᠨ ᠬᠠᠢᠷᠴᠠᠭ ᠠᠪᠤ ᠳᠤ ᠴᠢᠨᠢ ᠪᠠᠢᠭ᠎ᠠ᠃ ᠪᠢ ᠪᠤᠴᠠᠭᠠᠵᠤ ᠠᠪᠤᠮᠠᠷ ᠪᠠᠢᠨ᠎ᠠ᠃
ᠡᠷᠳᠡᠨᠢ ᠶᠢᠨ ᠬᠠᠢᠷᠴᠠᠭ ᠬᠠᠮᠢᠭ᠎ᠠ ᠪᠠᠢᠭ᠎ᠠ ᠶᠢ ᠪᠢ ᠮᠡᠳᠡᠨ᠎ᠡ᠃ ᠭᠡᠬᠦ ᠳᠦ ᠪᠡᠨ ᠠᠪᠤ ᠡᠵᠢ ᠡᠴᠡ ᠥᠭᠡᠷ᠎ᠡ ᠬᠥᠮᠥᠨ ᠣᠷᠣᠵᠤ ᠴᠢᠳᠠᠬᠤ ᠪᠠᠷ ᠦᠭᠡᠢ ᠬᠠᠲᠠᠭᠤ ᠬᠠᠷᠠᠭᠤᠯ ᠬᠠᠮᠠᠭᠠᠯᠠᠯᠲᠠ ᠲᠠᠢ ᠪᠠᠢᠳᠠᠭ ᠶᠤᠮ᠃
ᠲᠡᠭᠡᠪᠡᠯ ᠪᠢ ᠣᠷᠣᠯᠳᠤᠭᠠᠳ ᠦᠵᠡᠶ᠎ᠡ᠃
ᠶᠠᠪᠤᠵᠠᠭᠠᠶ᠎ᠠ!
ᠡᠨᠡ ᠭᠠᠵᠠᠷ ᠪᠣᠯ ᠮᠠᠨ ᠤ ᠭᠡᠷ ᠪᠦᠯᠢ ᠶᠢᠨ ᠠᠮᠢᠨ ᠰᠢᠲᠦᠭᠡᠨ᠂ ᠯᠤᠤᠰ ᠤᠨ ᠮᠣᠭᠠᠢ ᠠᠭᠤᠢ ᠳᠤ ᠪᠣᠢ᠃
ᠵᠠᠩᠭᠠᠷ ᠮᠢᠨᠢ ᠲᠡᠭᠦᠨ ᠢ ᠪᠢᠲᠡᠭᠡᠢ ᠬᠢᠯᠢᠩᠨᠡᠭᠦᠯᠦᠭᠡᠷᠡᠢ᠃ ᠮᠣᠭᠠᠢ ᠳᠦ ᠦᠨᠡᠨ ᠦᠭᠡ ᠶᠢ ᠬᠡᠯᠡᠵᠦ ᠥᠪᠡᠷ ᠢ ᠪᠡᠨ ᠣᠢᠯᠠᠭᠠᠭᠤᠯᠵᠤ ᠯᠡ ᠴᠢᠳᠠᠪᠠᠯ ᠴᠢᠮ᠎ᠠ ᠳᠤ ᠡᠷᠳᠡᠨᠢ ᠶᠢᠨ ᠬᠠᠢᠷᠴᠠᠭ ᠢ ᠵᠠᠪᠠᠯ ᠥᠭ᠌ᠭᠦᠨᠡ᠃
ᠲᠡᠷᠡ ᠴᠢᠮ᠎ᠠ ᠶᠢ ᠲᠠᠨᠢᠬᠤ ᠦᠦ?
ᠲᠠᠨᠢᠨ᠎ᠠ᠂ ᠭᠡᠬᠦ ᠳᠦ ᠪᠡᠨ ᠮᠢᠨᠤ ᠦᠭᠡ ᠶᠢ ᠪᠠᠷᠤᠭ ᠯᠡ ᠰᠣᠨᠣᠰᠳᠠᠭ ᠦᠭᠡᠢ ᠶᠤᠮ ᠳ᠋ᠠ᠃
ᠡᠩ᠁
ᠠᠭᠤᠢ ᠶᠢᠨ ᠠᠮᠠᠨ ᠤ ᠬᠠᠵᠠᠭᠤ ᠳᠤ ᠴᠢᠯᠠᠭᠤ ᠪᠣᠢ᠂ ᠲᠡᠷᠡ ᠴᠢᠯᠠᠭᠤᠨ ᠳᠣᠣᠷ᠎ᠠ ᠪᠠᠢᠭ᠎ᠠ ᠡᠷᠳᠡᠨᠢ ᠶᠢ ᠵᠠᠪᠠᠯ ᠠᠪᠴᠤ ᠣᠷᠣᠭᠠᠷᠠᠢ! ᠯᠤᠤᠰ ᠤᠨ ᠮᠣᠭᠠᠢ ᠡᠷᠳᠡᠨᠢ ᠶᠢ ᠬᠠᠷᠠᠭᠠᠳ ᠰᠢᠭᠤᠳ ᠭᠠᠷᠴᠤ ᠢᠷᠡᠨ᠎ᠡ᠃
ᠡᠩ᠂ ᠪᠢ ᠣᠢᠯᠠᠭᠠᠯ᠎ᠠ᠃
ᠪᠣᠯᠭᠣᠮᠵᠢᠲᠠᠢ!
ᠲᠡᠭᠡᠯ ᠦᠭᠡᠢ ᠶᠠᠭᠠᠬᠢᠬᠤᠪ᠂ᠣᠳᠣᠬᠠᠨ᠃
ᠠ— ᠡᠩ —
ᠡᠩ — ᠡᠩ — ᠡᠩ —
ᠬᠢ ᠬᠢ ᠁
ᠡᠩ —
ᠬᠡᠩ —
ᠬᠢ ᠬᠢ ᠁
ᠠᠮᠤᠷ ᠮᠡᠨᠳᠦ ᠶᠢ ᠲᠠᠨᠢ ᠡᠷᠢᠶ᠎ᠡ᠃ ᠡᠷᠬᠢᠮ ᠯᠤᠤᠰ ᠤᠨ ᠰᠠᠬᠢᠭᠤᠰᠤ ᠮᠢᠨᠢ ᠬᠡᠷᠡᠭ ᠵᠣᠷᠢᠭ ᠢᠶᠠᠨ ᠲᠠᠨ ᠳᠤ ᠬᠡᠯᠡᠶ᠎ᠡ᠂ ᠬᠡᠯᠡᠬᠦ ᠦᠭᠡ ᠶᠢ ᠮᠢᠨᠢ ᠰᠣᠨᠣᠰᠴᠤ ᠬᠠᠢᠷᠠᠯᠠ! ᠳᠣᠭ᠍ᠰᠢᠨ ᠮᠠᠩᠭᠤᠰ ᠢ ᠳᠠᠷᠤᠬᠤ ᠪᠠᠷ ᠶᠠᠪᠤᠭ᠎ᠠ ᠦᠵᠦᠩ ᠠᠯᠳᠠᠷ ᠬᠠᠭᠠᠨ ᠤ ᠬᠥᠪᠡᠭᠦᠨ ᠵᠠᠩᠭᠠᠷ ᠭᠡᠭ᠌ᠴᠢ ᠪᠢ ᠪᠢᠯᠡ᠃ᠠᠪᠤ ᠡᠵᠢ ᠬᠣᠶᠠᠷ ᠮᠢᠨᠢ ᠳᠣᠭ᠍ᠰᠢᠨ ᠮᠠᠩᠭᠤᠰ ᠤᠨ ᠳᠣᠪᠲᠣᠯᠭᠠᠨ ᠠᠴᠠ ᠨᠠᠮ᠎ᠠ ᠶᠢ ᠬᠠᠮᠠᠭᠠᠯᠠᠵᠤ ᠪᠠᠢᠭᠠᠳ ᠠᠯᠲᠠᠨ ᠠᠮᠢ ᠪᠠᠨ ᠠᠯᠳᠠᠭ᠍ᠰᠠᠨ ᠪᠢᠯᠡ᠃ᠲᠠᠯ᠎ᠠ ᠨᠤᠲᠤᠭ ᠢ ᠮᠢᠨᠢ ᠲᠠᠮᠤ ᠪᠣᠯᠭᠠᠵᠤ ᠠᠷᠠᠳ ᠣᠯᠠᠨ ᠳᠦ ᠮᠢᠨᠢ ᠠᠶᠤᠮᠰᠢᠭ᠍ᠲᠤ ᠵᠣᠪᠠᠯᠠᠩ ᠨᠢᠭᠤᠷᠯᠠᠭ᠍ᠰᠠᠨ᠂ ᠠᠪᠤ ᠡᠵᠢ ᠬᠣᠶᠠᠷ ᠠᠴᠠ ᠮᠢᠨᠢ ᠥᠪᠯᠡᠭᠦᠯᠦᠨ ᠦᠯᠡᠳᠡᠭᠡᠭ᠌ᠰᠡᠨ ᠡᠷᠳᠡᠨᠢ ᠶᠢᠨ ᠬᠠᠢᠷᠴᠠᠭ ᠢᠶᠠᠨ ᠠᠪᠴᠤ᠂ ᠳᠣᠭ᠍ᠰᠢᠨ ᠮᠠᠩᠭᠤᠰ ᠢ ᠳᠠᠷᠤᠨ᠂ ᠨᠤᠲᠤᠭ ᠤᠰᠤ ᠠᠷᠠᠳ ᠣᠯᠠᠨ ᠢᠶᠠᠨ ᠠᠪᠤᠷᠠᠬᠤ ᠶᠢᠨ ᠲᠤᠯᠠᠳᠠ ᠲᠠᠨ ᠢ ᠵᠣᠷᠢᠨ ᠢᠷᠠᠯ᠎ᠠ᠃ᠡᠷᠬᠢᠮ ᠯᠤᠤᠰ ᠤᠨ ᠰᠠᠬᠢᠭᠤᠰᠤ ᠲᠠ ᠡᠨᠡᠷᠢᠩᠭᠦᠢ ᠰᠡᠳᠬᠢᠯ ᠢᠶᠠᠨ ᠬᠠᠢᠷᠠᠯᠠᠵᠤ ᠡᠷᠳᠡᠨᠢ ᠶᠢᠨ ᠬᠠᠢᠷᠴᠠᠭ ᠢ ᠮᠢᠨᠢ ᠡᠷᠭᠢᠭᠦᠯᠦᠨ ᠥᠭ᠌ᠴᠦ ᠨᠠᠳᠠ ᠳᠤ ᠲᠤᠰᠠᠯᠠᠭᠠᠴᠢ!
ᠵᠠᠩᠭᠠᠷ ᠬᠦᠦ ᠮᠢᠨᠢ᠂ ᠰᠠᠨᠠᠭ᠍ᠰᠠᠨ ᠬᠡᠷᠡᠭ ᠢᠶᠡᠨ ᠪᠦᠲᠦᠭᠡᠵᠦ᠂ ᠵᠣᠷᠢᠭ᠍ᠰᠠᠨ ᠵᠣᠷᠢᠯᠭ᠎ᠠ ᠳᠤ ᠪᠠᠨ ᠬᠥᠷᠥᠭᠡᠷᠡᠢ!
ᠯᠤᠤᠰ ᠤᠨ ᠬᠠᠭᠠᠨᠲᠠᠨ ᠡ᠂ ᠭᠢᠯᠠᠢᠯ᠎ᠠ!
ᠬᠣᠩᠭᠤᠷ ᠡ᠂ ᠡᠭᠦᠨ ᠢ ᠬᠠᠷ᠎ᠠ ᠳ᠋ᠠ᠃
ᠥ —
ᠬᠢ ᠬᠢ ᠁
ᠡᠩ —
ᠬᠠ ᠬᠠ ᠁
ᠡ —
ᠴᠠᠭᠠᠰᠢ —
ᠬᠡᠩ —
ᠠᠪᠤ ᠡ᠂ᠵᠠᠩᠭᠠᠷ ᠢ ᠭᠡᠮᠲᠦᠭᠡᠬᠦ ᠶᠢ ᠪᠢ ᠶᠠᠭᠠᠬᠢᠭ᠍ᠰᠠᠨ ᠴᠤ᠌ ᠵᠥᠪᠰᠢᠶᠡᠷᠡᠬᠦ ᠦᠭᠡᠢ᠃
ᠬᠡᠨ ᠭᠡᠮᠲᠦᠭᠡᠨ᠎ᠡ ᠭᠡᠰᠡᠨ ᠶᠤᠮ?ᠴᠢ ᠪᠣᠯ ᠮᠢᠨᠤ ᠭᠠᠭᠴᠠ ᠬᠦᠦ ᠪᠢᠯᠡ᠂ ᠬᠠᠷᠢᠨ ᠴᠤ᠌ ᠲᠡᠭᠦᠨ ᠢ ᠦᠯᠡᠳᠡᠭᠡᠵᠦ ᠴᠢᠮ᠎ᠠ ᠳᠤ ᠬᠠᠨᠢ ᠪᠣᠯᠭᠠᠬᠤ ᠰᠠᠨᠠᠭ᠎ᠠ ᠲᠠᠢ᠃
ᠦᠨᠡᠨ ᠭᠡᠵᠢ ᠦᠦ?
ᠲᠡᠢᠮᠦ ᠡ!
ᠥᠷᠥᠰᠢᠶᠡ᠂ ᠨᠠᠮ᠎ᠠ ᠶᠢ᠃ ᠪᠢ ᠦᠯᠡᠳᠡᠵᠦ ᠪᠣᠯᠬᠤ ᠦᠭᠡᠢ᠂ ᠡᠷᠳᠡᠨᠢ ᠶᠢᠨ ᠬᠠᠢᠷᠴᠠᠭ ᠢᠶᠡᠨ ᠠᠪᠤᠭᠠᠳ ᠬᠣᠢᠲᠤ ᠵᠦᠭ ᠦᠨ ᠬᠣᠣᠷᠲᠠᠨ ᠮᠠᠩᠭᠤᠰ ᠢ ᠳᠠᠷᠤᠬᠤ ᠤᠴᠢᠷ ᠲᠠᠢ᠃
ᠪᠦᠦ ᠶᠠᠭᠠᠷᠠ᠂ ᠪᠦᠦ ᠶᠠᠭᠠᠷᠠ᠃ ᠴᠢ ᠮᠠᠨ ᠤ ᠨᠤᠲᠤᠭ ᠲᠤ ᠣᠯᠠᠨ ᠠᠩ ᠠᠮᠢᠲᠠᠨ ᠬᠣᠷᠤᠭᠠᠭ᠍ᠰᠠᠨ᠂ ᠲᠡᠭᠦᠨ ᠢ ᠶᠠᠭᠠᠬᠢᠬᠤᠪ! ᠪᠢ ᠮᠠᠷᠲᠠᠯ᠎ᠠ᠃ ᠬᠠᠷᠢᠨ ᠴᠢ ᠡᠷᠳᠡᠨᠢ ᠶᠢᠨ ᠬᠠᠢᠷᠴᠠᠭ ᠢᠶᠠᠨ ᠪᠤᠴᠠᠭᠠᠵᠤ ᠠᠪᠤᠮᠠᠷ ᠪᠠᠢᠪᠠᠯ ᠨᠠᠳᠠ ᠳᠤ ᠨᠢᠭᠡ ᠬᠡᠷᠡᠭ ᠪᠦᠲᠦᠭᠡᠵᠦ ᠥᠭ!
ᠶᠠᠭᠤ?ᠠ—
ᠠᠯᠲᠠᠢ ᠠᠭᠤᠯᠠ ᠶᠢᠨ ᠡᠩᠭᠡᠷ ᠲᠦ ᠠᠯᠲᠠᠨ ᠴᠡᠭᠡᠵᠢ ᠭᠡᠳᠡᠭ ᠬᠠᠭᠠᠨ ᠪᠠᠢᠭ᠎ᠠ᠃ ᠨᠠᠢ᠍ᠮᠠᠨ ᠲᠦᠮᠡᠨ ᠠᠳᠤᠭᠤᠨ ᠰᠦᠷᠦᠭ ᠢ ᠨᠢ ᠨᠠᠭᠠᠰᠢ ᠪᠠᠨ ᠲᠠᠭᠤᠭᠠᠳ ᠠᠪᠴᠢᠷᠠᠵᠤ ᠥᠭ᠌ᠪᠡᠯ ᠡᠷᠳᠡᠨᠢ ᠶᠢᠨ ᠬᠠᠢᠷᠴᠠᠭ ᠢ ᠴᠢᠨᠢ ᠡᠷᠭᠢᠭᠦᠯᠵᠦ ᠥᠭ᠌ᠭᠦᠨᠡ ᠪᠢᠵᠡ᠃
ᠠᠪᠤ ᠡ᠂ ᠪᠢ ᠵᠠᠩᠭᠠᠷ ᠲᠠᠢ ᠴᠣᠭ ᠶᠠᠪᠤᠶ᠎ᠠ᠃
ᠡ ᠬᠡᠩ —
ᠴᠢ ᠲᠡᠭᠦᠨ ᠦ ᠠᠰᠠᠭᠤᠳᠠᠯ ᠳᠤ ᠣᠷᠣᠯᠴᠠᠭᠠᠳ ᠪᠠᠢᠬᠤ ᠬᠡᠷᠡᠭ ᠦᠭᠡᠢ᠃
ᠡ —
ᠵᠠ ᠶᠠᠭᠠᠬᠢᠭ᠍ᠰᠠᠨ ᠶᠤᠮ? ᠠᠶᠤᠭ᠎ᠠ ᠦᠦ?
ᠡ —
ᠲᠡᠭᠡᠪᠡᠯ ᠡᠨᠳᠡ ᠪᠡᠨ ᠦᠯᠡᠳᠡᠭᠡᠳ ᠬᠣᠩᠭᠤᠷ ᠲᠠᠢ ᠲᠣᠭᠯᠠᠵᠤ ᠨᠠᠭᠠᠳᠤᠭᠠᠳ ᠪᠠᠢᠵᠤ ᠯᠡ ᠪᠠᠢ᠃
ᠲᠡᠭᠡᠪᠡᠯ ᠲᠠ ᠨᠠᠳᠠ ᠳᠤ ᠠᠨᠳᠠᠭᠠᠢᠯᠠ!
ᠪᠢ ᠠᠳᠤᠭᠤᠨ ᠰᠥᠷᠦᠭ ᠢ ᠲᠠᠭᠤᠭᠠᠳ ᠢᠷᠠᠪᠠᠯ ᠡᠷᠳᠡᠨᠢ ᠶᠢᠨ ᠬᠠᠢᠷᠴᠠᠭ ᠢ ᠮᠢᠨᠢ ᠡᠷᠭᠢᠭᠦᠯᠵᠦ ᠥᠭ᠌ᠭᠦᠨᠡ ᠭᠡᠵᠦ᠂
ᠡᠷ᠎ᠡ ᠬᠥᠮᠥᠨ ᠬᠡᠯᠡᠭ᠌ᠰᠡᠨ ᠳᠦ ᠪᠡᠨ᠂ ᠡᠮᠡᠭᠡᠯᠲᠦ ᠮᠣᠷᠢ ᠬᠠᠷᠠᠢᠭ᠍ᠰᠠᠨ ᠳᠤ ᠪᠠᠨ ᠭᠡᠳᠡᠭ ᠶᠤᠮ᠃
ᠡ —
ᠲᠡᠢᠮᠦ ᠡ᠂ ᠪᠢ ᠴᠤ᠌ ᠪᠠᠰᠠ ᠠᠨᠳᠠᠭᠠᠢᠯᠠᠵᠤ ᠪᠠᠢᠨ᠎ᠠ᠃ ᠨᠠᠢ᠍ᠮᠠᠨ ᠲᠦᠮᠡᠨ ᠠᠳᠤᠭᠤᠨ ᠰᠦᠷᠦᠭ ᠢ ᠨᠢ ᠪᠢ ᠲᠠᠭᠤᠭᠠᠳ ᠢᠷᠠᠶ᠎ᠠ᠃
ᠬᠠ ᠬᠠ᠁
ᠴᠥᠬᠥ᠂ ᠴᠥᠬᠥ᠁
ᠦᠰᠦᠭ ᠬᠠᠳᠠᠭ᠍ᠰᠠᠨ ᠨᠢ᠄ ᠮᠥᠩᠭᠦᠨᠴᠡᠴᠡᠭ
ᠦᠰᠦᠭ ᠠᠮᠢᠯᠠᠭᠤᠯᠤᠭ᠍ᠰᠠᠨ ᠨᠢ᠄ ᠮᠥᠩᠭᠦᠨᠴᠡᠴᠡᠭ
ᠬᠢᠨᠠᠭ᠍ᠴᠢ ᠪᠠᠭ᠍ᠰᠢ᠄ ᠮᠥᠴᠢᠷ
