ᠳᠥᠷᠪᠡᠨ ᠤᠯᠠᠷᠢᠯ-ᠡᠷᠳᠡᠨᠢᠪᠠᠲᠤ ᠠᠯᠲᠠᠨ ᠤᠷᠠᠭᠠErdenebat _ Altan urag - Дөрвөн улирал _ Dorvon uliral
ᠳᠥᠷᠪᠡᠨ ᠤᠯᠠᠷᠢᠯ
ᠦᠭᠡ᠄ ᠪ᠊᠂ ᠡᠷᠳᠡᠨᠢᠪᠠᠲᠤ
ᠠᠶ᠎ᠠ᠄ ᠠᠯᠲᠠᠨ᠌ᠨ᠌ᠣᠷᠣᠭ
ᠡᠷᠲᠡ ᠤᠷᠢᠳᠤ ᠶ᠋ᠢᠨ ᠴᠠᠭ ᠲᠤ᠌ ᠯᠠ ᠭᠡᠨ᠎ᠡ
ᠡᠨᠡ ᠶᠢᠷᠲᠢᠨᠴᠦ ᠵᠠᠳᠠᠭᠠᠢ ᠪᠠᠢᠬᠤ ᠳ᠋ᠤ᠌
ᠲᠡᠭᠷᠢ ᠭᠡᠳᠡᠭ ᠠᠪᠤ ᠲᠠᠢ
ᠳᠡᠯᠡᠬᠡᠢ ᠭᠡᠳᠡᠭ ᠡᠵᠢ ᠲᠡᠢ
ᠡᠪᠦᠯ ᠭᠡᠳᠡᠭ ᠠᠬ᠎ᠠ ᠲᠠᠢ
ᠬᠠᠪᠤᠷ ᠭᠡᠳᠡᠭ ᠡᠭᠡᠴᠢ ᠲᠡᠢ
ᠵᠤᠨ ᠨᠠᠮᠤᠷ ᠭᠡᠳᠡᠭ ᠳᠡᠭᠦᠦᠰ ᠲᠡᠢ
ᠠᠬ᠎ᠠ ᠳᠡᠭᠦᠦ ᠳᠥᠷᠪᠡ ᠪᠠᠢᠵᠤ ᠯᠠ ᠭᠡᠨ᠎ᠡ᠃
ᠨᠢᠭᠡᠨ ᠡᠳᠦᠷ ᠲᠩᠷᠢ ᠠᠪᠤ ᠨᠢ ᠠᠬ᠎ᠠ ᠳᠡᠭᠦᠦ ᠳᠥᠷᠪᠡ ᠡᠴᠡ ᠠᠰᠠᠭᠤᠪᠠ ᠭᠡᠨ᠎ᠡ᠃ ᠲᠠ ᠳᠥᠷᠪᠡ ᠶ᠋ᠢᠨ ᠮᠥᠷᠥᠭᠡᠳᠦᠯ ᠨᠢ ᠶᠠᠭᠤ ᠶᠤᠮ ᠪᠣᠯ ᠳᠠ ᠭᠡᠵᠦ ᠯᠡ ᠭᠡᠨ᠎ᠡ᠃
ᠠᠬ᠎ᠠ ᠳᠡᠭᠦᠦ ᠳᠥᠷᠪᠡ ᠨᠢᠭᠡᠨ ᠵᠡᠷᠭᠡ ᠪᠢᠳᠡ ᠳᠡᠯᠡᠬᠡᠢ ᠡᠵᠢ ᠶ᠋ᠢ ᠪᠡᠨ ᠨᠠᠰᠤᠨ ᠲᠤᠷᠰᠢ ᠳ᠋ᠠᠭᠠᠨ ᠠᠰᠠᠷᠠᠵᠤ ᠲᠤᠢᠯᠠᠬᠤ ᠶ᠋ᠢ ᠬᠦᠰᠡᠳᠡᠭ ᠪᠢᠯᠡ ᠭᠡᠵᠦ ᠯᠡ ᠭᠡᠨ᠎ᠡ᠃ ᠡᠭᠦᠨ ᠢ᠋ ᠰᠣᠨᠣᠰᠤᠭᠠᠳ ᠲᠩᠷᠢ ᠡᠴᠢᠭᠡ ᠨᠢ ᠦᠷᠭᠦᠯᠵᠢᠯᠡᠭᠦᠯᠦᠨ ᠠᠰᠠᠭᠤᠪᠠ ᠭᠡᠨ᠎ᠡ᠃ ᠬᠡᠦᠬᠡᠳ ᠦ᠋ᠳ ᠦ᠋ᠨ ᠮᠢᠨᠢ ᠮᠥᠷᠥᠭᠡᠳᠦᠯ ᠨᠢ ᠦᠨᠡᠬᠡᠷ ᠰᠠᠢᠬᠠᠨ ᠬᠦᠰᠡᠯ ᠶᠦᠮ ᠠ᠋! ᠠᠪᠤ ᠨᠢ ᠲᠠ ᠨᠠᠷ ᠤ᠋ᠨ ᠬᠦᠰᠡᠯ ᠢ᠋ ᠨᠢ ᠠᠩᠬᠠᠷᠴᠤ ᠰᠠᠢᠨ ᠰᠣᠨᠣᠰᠤᠮᠠᠷ ᠪᠠᠢᠨ᠎ᠠ᠃ ᠲᠠ ᠳᠥᠷᠪᠡ ᠨᠢᠭᠡ ᠨᠢᠭᠡ ᠪᠡᠷ ᠠᠪᠤ ᠳ᠋ᠠᠭᠠᠨ ᠬᠦᠰᠡᠯ ᠢ᠋ᠶ᠋ᠡᠨ ᠬᠡᠯᠡᠭᠡᠴᠢ ᠭᠡᠵᠡᠢ᠃
ᠵᠠ᠂ ᠪᠢ ᠡᠵᠢ ᠶ᠋ᠢ ᠪᠡᠨ ᠰᠡᠷᠢᠭᠦᠨ ᠴᠠᠭᠠᠨ ᠳᠡᠪᠡᠯ ᠲᠡᠢ ᠪᠣᠯᠭᠠᠭᠠᠳ ᠬᠠᠯᠠᠭᠤᠴᠠᠬᠤ ᠵᠣᠪᠠᠯᠠᠩ ᠠ᠋ᠴᠠ ᠬᠣᠯᠠᠳᠠᠭᠤᠯᠤᠨᠠ ᠭᠡᠵᠦ ᠡᠪᠦᠯ ᠬᠡᠯᠡᠪᠡ᠃ ᠪᠢ ᠡᠵᠢ ᠶ᠋ᠢ ᠪᠠᠨ ᠯᠠ ᠪᠣᠷᠣ ᠵᠥᠭᠡᠯᠡᠨ ᠳᠡᠪᠡᠯ ᠲᠡᠢ ᠪᠣᠯᠭᠠᠭᠠᠳ ᠪᠦᠯᠢᠶᠡᠴᠡᠭᠦᠯᠦᠨ ᠲᠡᠪᠡᠷᠢᠬᠦ ᠶ᠋ᠢ ᠬᠦᠰᠡᠳᠡᠭ ᠭᠡᠵᠦ ᠬᠠᠪᠤᠷ ᠬᠡᠯᠡᠪᠡ᠃ ᠵᠠ᠂ ᠪᠢ ᠡᠵᠢ ᠶ᠋ᠢ ᠪᠠᠨ ᠯᠠ ᠥᠩᠭᠡ ᠥᠩᠭᠡ ᠪᠡᠷ ᠭᠤᠶᠤᠬᠤ ᠶ᠋ᠢ ᠬᠦᠰᠡᠳᠡᠭ ᠴᠠᠩᠭᠠᠬᠤ ᠵᠣᠪᠠᠯᠠᠩ ᠦᠭᠡᠢ ᠪᠠᠢᠬᠤ ᠶ᠋ᠢ ᠬᠦᠰᠡᠳᠡᠭ ᠭᠡᠵᠦ ᠯᠡ ᠵᠤᠨ ᠬᠡᠯᠡᠪᠡ᠃ ᠲᠡᠭᠡᠪᠡᠯ ᠪᠢ ᠡᠵᠢ ᠶ᠋ᠢ ᠪᠠᠨ ᠯᠠ ᠰᠢᠷ᠎ᠠ ᠤᠯᠠᠭᠠᠨ ᠳᠡᠪᠡᠯ ᠲᠡᠢ ᠪᠣᠯᠭᠠᠭᠠᠳ ᠠᠮᠲᠠᠨ ᠤ᠋ ᠰᠠᠢᠬᠠᠨ ᠳ᠋ᠤ᠌ ᠤᠮᠪᠠᠭᠤᠯᠬᠤ ᠶ᠋ᠢ ᠬᠦᠰᠡᠳᠡᠭ ᠭᠡᠵᠦ ᠯᠡ ᠨᠠᠮᠤᠷ ᠬᠡᠯᠡᠪᠡ᠃
ᠬᠡᠦᠬᠡᠳ ᠦ᠋ᠳ ᠦ᠋ᠨ ᠢ᠋ᠶ᠋ᠡᠨ ᠬᠡᠯᠡᠬᠦ ᠶ᠋ᠢ ᠰᠣᠨᠣᠰᠤᠭᠠᠳ ᠲᠩᠷᠢ ᠠᠪᠤ ᠨᠢ ᠢᠩᠭᠢᠵᠦ ᠬᠡᠯᠡᠪᠡ᠃ ᠮᠢᠨᠦ ᠬᠦᠰᠡᠯ ᠲᠠ ᠨᠠᠷ ᠤ᠋ᠨ ᠬᠢ ᠲᠡᠢ ᠠᠪ ᠠᠳᠠᠯᠢᠬᠠᠨ ᠶᠤᠮ ᠪᠠᠢᠨ᠎ᠠ ᠭᠡᠵᠡᠢ᠃
ᠠᠪᠤ ᠨᠢ ᠴᠦ᠍ ᠭᠡᠰᠡᠨ ᠡᠵᠢ ᠶ᠋ᠢ ᠨᠢ ᠭᠣᠶᠣ ᠰᠠᠢᠬᠠᠨ ᠢ᠋ᠶ᠋ᠠᠷ ᠬᠠᠷᠠᠬᠤ ᠶ᠋ᠢ ᠬᠦᠰᠡᠳᠡᠭ᠃ ᠡᠯᠳᠡᠪ ᠮᠠᠭᠤᠬᠠᠢ ᠵᠣᠪᠠᠯᠠᠩ ᠠ᠋ᠴᠠ ᠨᠢ ᠬᠠᠮᠠᠭᠠᠯᠠᠵᠤ ᠶᠠᠪᠤᠬᠤ ᠶ᠋ᠢ ᠬᠦᠰᠡᠳᠡᠭ ᠭᠡᠵᠡᠢ ᠠ᠋᠃
ᠲᠡᠷᠡ ᠴᠠᠭ ᠠ᠋ᠴᠠ ᠬᠣᠢᠰᠢ ᠳᠥᠷᠪᠡᠨ ᠬᠡᠦᠬᠡᠳ ᠨᠢ ᠳᠥᠷᠪᠡᠨ ᠤᠯᠠᠷᠢᠯ ᠪᠣᠯᠤᠨ ᠲᠩᠷᠢ ᠠᠪᠤ ᠨᠢ ᠠᠯᠤᠰ ᠠ᠋ᠴᠠ ᠲᠡᠳᠡᠨ ᠳ᠋ᠦ᠍ ᠲᠤᠰᠠᠯᠠᠵᠤ ᠳᠡᠯᠡᠬᠡᠢ ᠡᠵᠢ ᠪᠡᠨ ᠠᠰᠠᠷᠠᠵᠤ ᠲᠤᠢᠯᠠᠳᠠᠭ ᠪᠣᠯᠵᠠᠢ᠃ ᠲᠣᠮᠣ ᠬᠦᠦ ᠨᠢ ᠡᠪᠦᠯ ᠦ᠋ᠨ ᠤᠯᠠᠷᠢᠯ ᠪᠣᠯᠤᠨ ᠲᠩᠷᠢ ᠠᠪᠤ ᠨᠢ ᠴᠠᠰᠤ ᠢᠯᠡᠭᠡᠵᠦ ᠳᠡᠯᠡᠬᠡᠢ ᠡᠵᠢ ᠶ᠋ᠢ ᠪᠡᠨ ᠰᠡᠷᠢᠭᠦᠨ ᠴᠠᠭᠠᠨ ᠳᠡᠪᠡᠯ ᠢ᠋ᠶ᠋ᠡᠷ ᠭᠣᠶᠣᠳᠠᠭ ᠪᠣᠯᠵᠠᠢ᠃ ᠭᠠᠭᠴᠠ ᠥᠬᠢᠨ ᠨᠢ ᠬᠠᠪᠤᠷ ᠤ᠋ᠨ ᠤᠯᠠᠷᠢᠯ ᠪᠣᠯᠤᠨ ᠲᠩᠷᠢ ᠠᠪᠤ ᠶ᠋ᠢᠨ ᠢᠯᠡᠭᠡᠭᠰᠡᠨ ᠤᠷᠢ ᠪᠠᠷ ᠴᠠᠰᠤ ᠶ᠋ᠢ ᠬᠠᠢᠯᠤᠭᠤᠯᠤᠨ ᠳᠡᠯᠡᠬᠡᠢ ᠡᠵᠢ ᠶ᠋ᠢ ᠪᠠᠨ ᠯᠠ ᠪᠣᠷᠣ ᠵᠥᠭᠡᠯᠡᠨ ᠳᠡᠪᠡᠯ ᠢ᠋ᠶ᠋ᠡᠷ ᠭᠤᠶᠤᠨ ᠳᠤᠯᠠᠭᠠᠴᠠᠭᠤᠯᠳᠠᠭ ᠪᠣᠯᠵᠠᠢ᠃ ᠤᠳᠠᠭᠠᠬᠢ ᠬᠦᠦ ᠵᠤᠨ ᠤ᠋ ᠤᠯᠠᠷᠢᠯ ᠪᠣᠯᠵᠤ ᠲᠩᠷᠢ ᠡᠴᠢᠭᠡ ᠶ᠋ᠢᠨ ᠢᠯᠡᠭᠡᠭᠰᠡᠨ ᠪᠣᠷᠣᠭ᠎ᠠ ᠪᠠᠷ ᠳᠡᠯᠡᠬᠡᠢ ᠡᠵᠢ ᠶ᠋ᠢ ᠪᠡᠨ ᠤᠮᠳᠠᠯᠠᠨ ᠥᠩᠭᠡ ᠥᠩᠭᠡ ᠶ᠋ᠢᠨ ᠤᠷᠭᠤᠮᠠᠯ ᠠᠩ ᠠᠮᠢᠲᠠᠳ ᠤ᠋ᠨ ᠣᠯᠠᠨ ᠰᠠᠢᠬᠠᠨ ᠵᠢᠰᠦ ᠪᠡᠷ ᠳᠡᠪᠡᠯ ᠢ᠋ ᠬᠢᠨ ᠭᠣᠶᠣᠳᠠᠭ ᠪᠣᠯᠵᠠᠢ᠃ ᠣᠳᠬᠣᠨ ᠬᠦᠦ ᠨᠢ ᠨᠠᠮᠤᠷ ᠪᠣᠯᠤᠨ ᠲᠩᠷᠢ ᠡᠴᠢᠭᠡ ᠪᠣᠯᠤᠨ ᠠᠬᠠᠨ ᠳᠡᠭᠦᠦᠰ ᠦ᠋ᠨ ᠢ᠋ᠶ᠋ᠡᠨ ᠲᠤᠰᠠ ᠪᠠᠷ ᠳᠡᠯᠡᠬᠡᠢ ᠡᠵᠢ ᠶ᠋ᠢᠨ ᠢ᠋ᠶ᠋ᠡᠨ ᠰᠢᠮ᠎ᠡ ᠮᠠᠨᠳᠠᠯ ᠢ᠋ ᠲᠡᠳᠬᠦᠨ ᠵᠢᠮᠢᠰ᠂ᠨᠣᠭᠣᠭ᠎ᠠ᠂ ᠰᠦ᠂ ᠴᠠᠭᠠᠨ ᠢᠳᠡᠭᠡ ᠭᠡᠳ ᠠᠮᠲᠠᠲᠠᠨ ᠪᠦᠷᠢ ᠶ᠋ᠢ ᠳᠡᠯᠭᠡᠷᠡᠭᠦᠯᠦᠨ ᠨᠢᠳᠦ ᠰᠡᠷᠭᠦᠨ ᠰᠡᠳᠬᠢᠯ ᠤᠶᠠᠷᠠᠮ᠎ᠠ ᠤᠯᠠᠭᠠᠨ ᠰᠢᠷᠭᠠᠯ ᠳᠡᠪᠡᠯ ᠢ᠋ᠶ᠋ᠡᠷ ᠭᠣᠶᠣᠳᠠᠭ ᠪᠣᠯᠤᠭᠰᠠᠨ ᠶᠤᠮ ᠭᠡᠨ᠎ᠡ᠃
ᠦᠯᠢᠭᠡᠷ ᠳᠣᠮᠣᠭ ᠢ᠋ᠶ᠋ᠠᠨ ᠢᠩᠭᠢᠭᠡᠳ ᠳᠠᠭᠤᠰᠬᠠᠭᠠᠳ ᠦᠷᠭᠦᠯᠵᠢᠯᠡᠭᠦᠯᠦᠨ ᠵᠠᠬᠢᠶᠠᠰᠤ ᠬᠡᠯᠡᠶ᠎ᠡ᠃ ᠬᠡᠦᠬᠡᠳ ᠦ᠋ᠳ ᠲᠠ ᠨᠠᠷ ᠥᠪᠡᠷ ᠦ᠋ᠨ ᠴᠢᠳᠠᠯ ᠢ᠋ᠶ᠋ᠠᠷ ᠬᠥᠪᠴᠢᠨ ᠳᠡᠯᠡᠬᠡᠢ ᠪᠡᠨ ᠬᠠᠢᠷᠠᠯᠠᠭᠠᠷᠠᠢ ᠳᠠ! ᠤᠷᠭᠤᠮᠠᠯ ᠠᠮᠢᠲᠠᠨ ᠢ᠋ᠶ᠋ᠠᠨ ᠭᠠᠮᠨᠠᠵᠤ ᠶᠠᠪᠤᠭ᠎ᠠ ᠠᠭᠤᠯᠠ ᠤᠰᠤ ᠪᠠᠨ ᠬᠦᠨᠳᠦᠯᠡᠵᠦ ᠶᠠᠪᠤᠭ᠎ᠠ ᠠᠮᠢ ᠲᠠᠢ ᠪᠦᠬᠦᠨ ᠢ᠋ ᠲᠡᠳᠬᠦᠭᠴᠢ ᠡᠵᠢ ᠠᠯᠲᠠᠨ ᠳᠡᠯᠡᠬᠡᠢ ᠪᠡᠨ ᠬᠠᠢᠷᠠᠯᠠᠵᠤ ᠶᠠᠪᠤᠭᠠᠷᠠᠢ!
ᠦᠯᠢᠭᠡᠷ ᠶᠠᠷᠢᠭᠰᠠᠨ ᠨᠢ᠄ᠴ᠂ ᠣᠶᠣᠨᠵᠠᠶᠠᠭᠠ ᠵ᠂ ᠠᠵᠠᠪᠠᠶᠠᠷ ᠮ᠂ ᠮᠢᠰᠢᠶᠡᠯ ᠱ᠂ ᠳᠦᠯᠭᠢᠶᠡᠨᠲᠠᠮᠢᠷ
ᠦᠰᠦᠭ ᠠᠮᠢᠯᠠᠭᠤᠯᠤᠭᠴᠢ ᠬᠠᠲᠠᠭᠴᠢ᠄ ᠰ᠂ ᠳᠣᠷᠣᠨ᠎ᠠ
ᠬᠢᠨᠠᠭᠴᠢ᠄ ᠮᠥᠴᠢᠷ ᠂ ᠭᠠᠷᠮ᠎ᠠ᠂ ᠠᠯᠲᠠᠨᠴᠢᠮᠡᠭ
