ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷДэлхийн яруу найргийн өдөр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷДэлхийн яруу найргийн өдөр

ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷДэлхийн яруу найргийн өдөр

2024-03-28

386

ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷ

   ᠥᠨᠥᠳᠥᠷ ᠠᠷᠭ᠎ᠠ ᠶ᠋ᠢᠨ ᠲᠣᠭᠠᠯᠠᠯ ᠤ᠋ᠨ 2024.3.21 ᠭᠠᠷᠠᠭ ᠤ᠋ᠨ ᠳᠥᠷᠪᠡᠨ᠂ ᠪᠢᠯᠢᠭ ᠦ᠋ᠨ ᠲᠣᠭᠠᠯᠠᠯ ᠤ᠋ᠨ ᠬᠠᠪᠤᠷ ᠤ᠋ᠨ ᠳᠤᠮᠳᠠ ᠤᠯᠠᠭᠠᠭᠴᠢᠨ ᠲᠠᠤᠯᠠᠢ ᠰᠠᠷ᠎ᠠ ᠬᠣᠶᠠᠷ ᠰᠠᠷ᠎ᠠ ᠶ᠋ᠢᠨ ᠠᠷᠪᠠᠨ ᠬᠣᠶᠠᠷ ᠬᠥᠬᠡ ᠪᠡᠴᠢᠨ ᠡᠳᠦᠷ᠂ ᠥᠨᠥᠳᠥᠷ ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷ᠃ ᠲᠤᠰ ᠡᠳᠦᠷ ᠨᠢ1999 ᠣᠨ ᠠ᠋ᠴᠠ ᠡᠬᠢᠯᠡᠨ ᠶᠦᠨᠢᠺᠣᠰ ᠠ᠋ᠴᠠ ᠵᠢᠯ ᠪᠦᠷᠢ ᠶ᠋ᠢᠨ ᠭᠤᠷᠪᠠᠳᠤᠭᠠᠷ ᠰᠠᠷ᠎ᠠ ᠶ᠋ᠢᠨ ᠬᠣᠷᠢᠨ ᠨᠢᠭᠡᠨ ᠳ᠋ᠦ᠍ ᠲᠡᠮᠳᠡᠭᠯᠡᠨ ᠥᠩᠭᠡᠷᠡᠭᠡᠬᠦ ᠶ᠋ᠢ ᠵᠠᠷᠯᠠᠨ ᠲᠤᠩᠬᠠᠭᠯᠠᠭᠰᠠᠨ᠃
ᠢᠷᠠᠭᠤ ᠨᠠᠢᠷᠠᠭ ᠪᠣᠯ ᠬᠡᠯᠡᠨ ᠦ᠌ ᠡᠷᠬᠡ ᠴᠢᠯᠥᠭᠡᠲᠦ ᠪᠠᠢᠳᠠᠯ ᠤ᠋ᠨ ᠬᠠᠮᠤᠭ ᠤ᠋ᠨ ᠲᠡᠭᠦᠰ ᠢᠯᠡᠷᠬᠡᠢᠯᠡᠯ ᠦ᠋ᠨ ᠨᠢᠭᠡ ᠪᠢᠯᠡ᠂ ᠠᠯᠢᠪᠠ ᠠᠷᠠᠳ ᠲᠦᠮᠡᠨ ᠦ᠌ ᠰᠣᠶᠣᠯ ᠤ᠋ᠨ ᠲᠣᠭᠣᠷᠢᠨ ᠪᠣᠯᠤᠨ ᠣᠨᠴᠠᠯᠢᠭ ᠨᠢ ᠢᠷᠠᠭᠤ ᠨᠠᠢᠷᠠᠭ ᠢ᠋ᠶ᠋ᠠᠷ ᠢᠯᠡᠷᠬᠡᠢᠯᠡᠭᠳᠡᠳᠡᠭ ᠪᠥᠭᠡᠳ ᠢᠷᠠᠭᠤ ᠨᠠᠢᠷᠠᠭ ᠨᠢ ᠪᠦᠲᠦᠭᠡᠯᠴᠢ ᠰᠡᠳᠬᠢᠯᠭᠡᠨ ᠦ᠌ ᠡᠷᠴᠢ ᠬᠦᠴᠦᠨ ᠢ᠋ ᠠᠭᠤᠯᠵᠤ᠂ ᠲᠠᠰᠤᠷᠠᠯᠲᠠ ᠦᠭᠡᠢ ᠰᠢᠨᠡᠴᠢᠯᠡᠭᠳᠡᠨ ᠬᠥᠭᠵᠢᠳᠡᠭ ᠵᠠᠩ ᠲᠠᠢ᠃ ᠠᠰᠤᠷᠤ ᠲᠦᠮᠡᠨ ᠥᠯᠵᠡᠢ ᠶ᠋ᠢᠨ ᠴᠣᠭ ᠤᠴᠠᠷᠠᠯ ᠳ᠋ᠤ᠌ ᠳᠤᠷᠠᠳᠤᠭᠰᠠᠨ᠂
ᠠᠮᠤᠭᠤᠯᠠᠩᠲᠤ ᠲᠩᠷᠢ ᠶ᠋ᠢᠨ ᠤᠷᠲᠤ ᠬᠠᠷᠰᠢ ᠶ᠋ᠢᠨ ᠡᠭᠦᠳᠡ ᠪᠦᠬᠦᠨ ᠨᠡᠭᠡᠭᠡᠭᠳᠡᠭᠰᠡᠨ᠂
ᠠᠷᠪᠠᠨ ᠵᠦᠭ ᠦ᠋ᠨ ᠪᠢᠯᠢᠭ ᠳᠡᠮᠪᠡᠷᠢᠯ ᠰᠠᠢᠲᠤᠷ ᠳᠡᠯᠭᠡᠷᠡᠭᠰᠡᠨ
ᠠᠰᠤᠷᠤ ᠪᠠᠶᠠᠰᠬᠤᠯᠠᠩ ᠴᠤᠭᠯᠠᠷᠠᠭᠰᠠᠨ ᠡᠨᠡ ᠰᠠᠢᠬᠠᠨ ᠡᠳᠦᠷ ᠦ᠋ᠨ ᠥᠯᠵᠡᠢ ᠲᠡᠭᠦᠰ ᠠᠮᠤᠷ ᠠᠮᠤᠭᠤᠯᠠᠩ ᠢ᠋ ᠢᠷᠠᠭᠤ ᠲᠠᠩᠰᠤᠭ ᠮᠣᠩᠭᠣᠯ ᠬᠡᠯᠡ ᠪᠡᠷ ᠢ᠋ᠶ᠋ᠡᠨ ᠡᠷᠬᠢᠮ ᠲᠠᠨ ᠳ᠋ᠤ᠌ ᠪᠠᠨ ᠠᠢᠯᠠᠳᠬᠠᠵᠤ ᠪᠠᠢᠨ᠎ᠠ᠃ ᠡᠷᠭᠢᠨ ᠰᠠᠨᠠᠭᠰᠠᠨ ᠠᠯᠢ ᠪᠦᠬᠦᠢ ᠠᠷᠢᠭᠤᠨ ᠦᠢᠯᠡᠰ ᠲᠤ ᠪᠡᠨ ᠡᠪᠳᠡᠷᠡᠰᠢ ᠦᠭᠡᠢ ᠰᠦᠮᠪᠦᠷ ᠮᠡᠲᠦ ᠰᠡᠳᠬᠢᠯ ᠦ᠋ᠨ ᠶᠣᠰᠣᠭᠠᠷ ᠪᠦᠲᠦᠭᠡᠳ᠂ ᠪᠠᠷᠴᠢᠳ ᠦᠭᠡᠢ ᠡᠴᠢᠭᠡ ᠶ᠋ᠢᠨ ᠪᠠᠷᠢᠯᠳᠤᠯᠭ᠎ᠠ ᠪᠦᠬᠦᠨ ᠲᠣᠬᠢᠶᠠᠵᠤ᠂ ᠪᠠᠳᠠᠷᠠᠬᠤ ᠬᠡᠢᠮᠣᠷᠢ ᠲᠠᠨᠢ ᠳᠡᠯᠭᠡᠷᠡᠭᠡᠳ ᠡᠩᠬᠡ ᠲᠦᠪᠰᠢᠨ ᠦ᠌ ᠢᠷᠦᠭᠡᠯ ᠡᠭᠦᠷᠢᠳᠡ ᠲᠣᠭᠲᠠᠬᠤ ᠪᠣᠯᠲᠤᠭᠠᠢ! ᠢᠷᠡᠯᠲᠡ᠄ ᠡᠷᠴᠢ ᠲᠠᠪᠴᠠᠩ
   ᠦᠰᠦᠭ ᠠᠮᠢᠯᠠᠭᠤᠯᠤᠭᠰᠠᠨ ᠨᠢ᠄ ᠴᠢ · ᠤᠷᠨᠨᠴᠡᠴᠡᠭ
   ᠬᠢᠨᠠᠯᠲᠠ ᠄ ᠾᠦᠩ ᠸᠧᠢ