ᠠᠷᠪᠠᠨ ᠢᠯᠠᠤ ᠲᠠᠢ ᠮᠣᠳᠣᠨ ᠲᠡᠷᠭᠡᠨ ᠦ᠌ ᠪᠦᠲᠦᠴᠡ ᠪᠠ ᠴᠣᠭᠣᠯᠤᠭᠰᠠᠨ ᠨᠦᠬᠡ ᠨᠦ᠍ᠭᠦᠳ-ᠲᠣᠭᠲᠠᠬᠤАрван ялуутай модон тэргэний бүтэц ба цоолсон нүхүүд-Тогтох ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠪᠠᠨ ᠢᠯᠠᠤ ᠲᠠᠢ ᠮᠣᠳᠣᠨ ᠲᠡᠷᠭᠡᠨ ᠦ᠌ ᠪᠦᠲᠦᠴᠡ ᠪᠠ ᠴᠣᠭᠣᠯᠤᠭᠰᠠᠨ ᠨᠦᠬᠡ ᠨᠦ᠍ᠭᠦᠳ-ᠲᠣᠭᠲᠠᠬᠤАрван ялуутай модон тэргэний бүтэц ба цоолсон нүхүүд-Тогтох

ᠠᠷᠪᠠᠨ ᠢᠯᠠᠤ ᠲᠠᠢ ᠮᠣᠳᠣᠨ ᠲᠡᠷᠭᠡᠨ ᠦ᠌ ᠪᠦᠲᠦᠴᠡ ᠪᠠ ᠴᠣᠭᠣᠯᠤᠭᠰᠠᠨ ᠨᠦᠬᠡ ᠨᠦ᠍ᠭᠦᠳ-ᠲᠣᠭᠲᠠᠬᠤАрван ялуутай модон тэргэний бүтэц ба цоолсон нүхүүд-Тогтох

2024-03-28

360

ᠠᠷᠪᠠᠨ ᠢᠯᠠᠤ ᠲᠠᠢ ᠮᠣᠳᠣᠨ ᠲᠡᠷᠭᠡᠨ ᠦ᠌ ᠪᠦᠲᠦᠴᠡ ᠪᠠ ᠴᠣᠭᠣᠯᠤᠭᠰᠠᠨ ᠨᠦᠬᠡ ᠨᠦ᠍ᠭᠦᠳ

      ᠲᠣᠭᠲᠠᠬᠤ 

ᠬᠣᠶᠠᠷ ᠠᠷᠠᠯ᠂ ᠬᠣᠶᠠᠷ ᠬᠦᠷᠳᠦ᠂ ᠬᠣᠶᠠᠷ ᠪᠤᠯᠤ᠂
ᠬᠣᠶᠠᠷ ᠶᠠᠰᠢᠩ᠂ ᠬᠣᠶᠠᠷ ᠵᠤᠯᠤᠪᠴᠢ᠂ ᠪᠤᠭᠤᠯᠠᠭ᠎ᠠ᠂
ᠪᠣᠭᠣᠷᠭᠢᠯᠵᠢ᠂ ᠲᠡᠩᠭᠡᠯᠢᠭ᠂ ᠠᠷᠪᠠᠨ ᠬᠣᠶᠠᠷ ᠮᠥᠭᠡᠷ᠂
ᠭᠤᠴᠢᠨ ᠵᠢᠷᠭᠤᠭᠠᠨ ᠬᠡᠭᠡᠰᠦ᠂ ᠠᠷᠪᠠᠨ ᠢᠯᠠᠤ᠂
ᠨᠠᠢ᠍ᠮᠠᠨ ᠭᠣᠵᠣ᠂ ᠠᠷᠠᠯ ᠤ᠋ᠨ ᠦᠵᠦᠭᠦᠷ ᠦ᠋ᠨ ᠬᠣᠶᠠᠷ ᠴᠦ᠂
ᠲᠡᠩᠭᠡᠯᠢᠭ ᠦ᠋ᠨ ᠦᠵᠦᠭᠦᠷ ᠦ᠋ᠨ ᠬᠣᠶᠠᠷ ᠴᠦ᠂
ᠪᠤᠭᠤᠯᠠᠭ᠎ᠠ ᠠᠷᠠᠯ ᠢ᠋ ᠬᠣᠯᠪᠣᠭᠰᠠᠨ ᠬᠣᠶᠠᠷ ᠵᠦᠯᠡᠭᠡ᠂
ᠪᠣᠭᠣᠷᠭᠢᠯᠵᠢ ᠠᠷᠠᠯ ᠢ᠋ ᠬᠣᠯᠪᠣᠭᠰᠠᠨ ᠬᠣᠶᠠᠷ ᠪᠣᠢᠭ᠂
ᠬᠣᠶᠠᠷ ᠠᠷᠠᠯ ᠳᠡᠭᠡᠷ᠎ᠡ ᠬᠣᠷᠢᠨ ᠬᠣᠶᠠᠷ ᠨᠦᠬᠡ ᠲᠡᠢ᠂
ᠳᠥᠷᠪᠡᠨ ᠢᠯᠠᠤ ᠶ᠋ᠢ ᠡᠷᠡᠪᠴᠢᠯᠡᠭᠰᠡᠨ ᠨᠠᠢ᠍ᠮᠠᠨ ᠨᠦᠬᠡ ᠲᠡᠢ᠂
ᠬᠣᠶᠠᠷ ᠶᠠᠰᠢᠩ ᠨᠠᠢ᠍ᠮᠠᠨ ᠨᠦᠬᠡ ᠲᠡᠢ᠂
ᠲᠡᠩᠭᠡᠯᠢᠭ ᠦ᠋ᠨ ᠦᠵᠦᠭᠦᠷ ᠬᠣᠶᠠᠷ ᠨᠦᠬᠡ ᠲᠡᠢ᠂
ᠬᠣᠶᠠᠷ ᠵᠤᠯᠤᠪᠴᠢ ᠨᠠᠢ᠍ᠮᠠᠨ ᠨᠦᠬᠡ ᠲᠡᠢ᠂
ᠬᠣᠶᠠᠷ ᠪᠤᠯᠤ ᠶ᠋ᠢᠨ ᠭᠤᠴᠢᠨ ᠨᠠᠢ᠍ᠮᠠᠨ ᠨᠦᠬᠡ ᠲᠡᠢ᠂
ᠠᠷᠪᠠᠨ ᠬᠣᠶᠠᠷ ᠮᠥᠭᠡᠷ ᠦ᠋ᠨ ᠭᠤᠴᠢᠨ ᠵᠢᠷᠭᠤᠭᠠᠨ ᠨᠦᠬᠡ ᠲᠡᠢ᠂
ᠪᠤᠭᠤᠯᠠᠭ᠎ᠠ ᠪᠣᠭᠣᠷᠭᠢᠯᠵᠢ ᠬᠣᠶᠠᠷ ᠳᠥᠷᠪᠡᠨ ᠨᠦᠬᠡ ᠲᠡᠢ᠂
ᠬᠣᠶᠠᠷ ᠠᠷᠠᠯ ᠳᠡᠭᠡᠷ᠎ᠡ ᠭᠣᠵᠢ ᠶ᠋ᠢᠨ ᠨᠠᠢ᠍ᠮᠠᠨ ᠨᠦᠬᠡ ᠲᠡᠢ᠂
ᠤᠬᠠᠭᠠᠨᠲᠤ ᠮᠣᠩᠭᠣᠯ ᠤ᠋ᠨ ᠡᠭᠦᠳᠦᠨ ᠪᠦᠲᠦᠭᠡᠭᠰᠡᠨ
ᠤᠷᠠᠨ ᠮᠣᠳᠣᠴᠢᠨ ᠤ᠋ ᠤᠭᠰᠠᠷᠠᠵᠤ ᠬᠢᠭᠰᠡᠨ
ᠤᠷᠢᠳᠤ ᠶ᠋ᠢᠨ ᠲᠡᠦᠬᠡᠨ ᠳ᠋ᠦ᠍ ᠮᠥᠷ ᠢ᠋ᠶ᠋ᠡᠨ ᠲᠠᠮᠠᠭᠠᠯᠠᠭᠰᠠᠨ
ᠤᠯᠠᠮᠵᠢᠯᠠᠯᠲᠤ ᠰᠣᠶᠣᠯ ᠢ᠋ᠶ᠋ᠠᠷ ᠦᠯᠡᠳᠡᠵᠦ ᠨᠡᠷᠡᠯᠡᠭᠳᠡᠭᠰᠡᠨ
ᠠᠯᠳᠠᠷ ᠨᠡᠷ᠎ᠡ ᠪᠡᠨ ᠳᠡᠯᠡᠬᠡᠢ ᠳ᠋ᠦ᠍ ᠳᠠᠭᠤᠷᠢᠰᠤᠭᠤᠯᠤᠭᠰᠠᠨ
ᠠᠽᠢᠶ᠎ᠠ ᠧᠦ᠋ᠷᠣᠫᠠ ᠳ᠋ᠤ᠌ ᠨᠡᠭᠦᠳᠡᠯ ᠦ᠋ᠨ ᠲᠣᠭᠣᠰᠣ ᠲᠠᠢ
ᠠᠳᠠᠯ ᠠᠮᠢᠳᠤᠷᠠᠯ ᠢ᠋ ᠠᠴᠢᠶᠠᠯᠠᠭᠰᠠᠭᠠᠷ ᠢᠷᠡᠭᠰᠡᠨ
ᠠᠭᠤᠤ ᠮᠣᠩᠭᠣᠯ ᠤ᠋ᠨ ᠠᠯᠳᠠᠷ ᠢ᠋ ᠮᠠᠨᠳᠤᠭᠤᠯᠤᠭᠰᠠᠨ ᠦᠬᠡᠷ ᠲᠡᠷᠭᠡ

            2024.3.17
   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠰᠡᠬᠡᠭᠡᠷᠡᠯ᠂ ᠣᠳᠬᠠᠨᠰᠣ᠎ᠠ᠂ ᠪᠠᠶᠠᠷᠴᠡᠴᠡᠭ