ᠤᠷᠠᠨ ᠴᠦᠭᠦᠷᠰᠦУран цүүрс

ᠤᠷᠠᠨ ᠴᠦᠭᠦᠷᠰᠦ
ᠴᠦᠭᠦᠷᠰᠦ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂30m ᠬᠢᠷᠢ ᠥᠨᠳᠥᠷ᠃ ᠬᠣᠯᠲᠣᠰᠣ ᠨᠢ ᠣᠯᠠᠪᠲᠤᠷ ᠬᠦᠷᠡᠩ ᠪᠥᠭᠡᠳ ᠭᠤᠯᠳᠤ ᠪᠠᠷ ᠬᠠᠭᠠᠷᠠᠵᠤ ᠱᠠᠭᠠᠷᠠᠵᠤ ᠤᠨᠠᠨ᠎ᠠ᠃ ᠮᠥᠴᠢᠷ ᠨᠢ ᠨᠠᠷᠢᠬᠠᠨ ᠤᠷᠲᠤ ᠮᠥᠷᠲᠡᠭᠡᠨ ᠨᠠᠪᠲᠠᠢᠵᠤ ᠤᠷᠭᠤᠨ᠎ᠠ᠃ ᠨᠠᠪᠴᠢ ᠨᠢ ᠳᠥᠷᠪᠡᠨ ᠢᠷᠮᠡᠭ ᠲᠡᠢ᠂ ᠵᠡᠭᠦᠦ ᠰᠢᠭ ᠱᠣᠷᠣᠯᠵᠢᠨ ᠬᠡᠯᠪᠡᠷᠢ ᠲᠡᠢ᠂1_1.5cm ᠤᠷᠲᠤ᠂ ᠳᠣᠲᠣᠭᠰᠢ ᠪᠠᠨ ᠵᠢᠭᠠᠬᠠᠨ ᠮᠤᠷᠤᠢᠭᠰᠠᠨ ᠦᠵᠦᠭᠦᠷ ᠲᠡᠢ᠂ ᠳᠣᠭᠣᠭᠰᠢ ᠰᠤᠨᠤᠭᠰᠠᠨ ᠥᠷᠭᠡᠨ ᠤᠭ ᠲᠠᠢ᠂ ᠬᠣᠶᠠᠷ ᠲᠠᠯ᠎ᠠ ᠳ᠋ᠠᠭᠠᠨ ᠪᠦᠷ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠂ ᠮᠥᠴᠢᠷ ᠳᠡᠭᠡᠷ᠎ᠡ ᠪᠡᠨ ᠱᠤᠷᠠᠭᠯᠠᠨ ᠤᠷᠭᠤᠨ᠎ᠠ᠃ ᠴᠡᠴᠡᠭ ᠨᠢ ᠭᠠᠭᠴᠠ ᠪᠡᠯᠭᠡ ᠲᠡᠢ᠃ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠮᠥᠴᠢᠷ ᠦ᠋ᠨ ᠣᠷᠣᠢ ᠳ᠋ᠠᠬᠢ ᠨᠠᠪᠴᠢᠨ ᠤ᠋ ᠥᠪᠥᠷ ᠲᠤ ᠭᠠᠭᠴᠠᠭᠠᠷ ᠤᠷᠭᠤᠪᠠᠴᠤ ᠨᠡᠯᠢᠶᠡᠳ ᠬᠡᠳᠦ ᠪᠡᠷ ᠬᠠᠪᠢᠳᠠᠯᠴᠠᠨ ᠣᠬᠣᠷ ᠲᠦᠷᠦᠭᠦᠦ ᠬᠡᠯᠪᠡᠷᠢ ᠲᠡᠢ ᠪᠣᠯᠳᠠᠭ᠃ ᠡᠮ᠎ᠡ ᠪᠠᠭ ᠴᠡᠴᠡᠭ ᠨᠢ ᠪᠥᠮᠪᠦᠭᠡᠨ ᠬᠡᠯᠪᠡᠷᠢ ᠲᠡᠢ᠂ ᠵᠢᠵᠢᠭ ᠮᠥᠴᠢᠷ ᠦ᠋ᠨ ᠣᠷᠣᠢ ᠳ᠋ᠤ᠌ ᠭᠠᠭᠴᠠᠭᠠᠷ ᠤᠷᠭᠤᠨ᠎ᠠ᠃ ᠦᠷ᠎ᠡ ᠶ᠋ᠢᠨ ᠬᠠᠢᠷᠰᠤ ᠪᠦᠷᠢ ᠨᠢ ᠶᠡᠷᠦ ᠳ᠋ᠡᠭᠡᠨ ᠬᠣᠶᠠᠷ ᠦᠷ᠎ᠡ ᠨᠠᠬᠢᠶ᠎ᠠ ᠲᠠᠢ ᠪᠥᠭᠡᠳ ᠪᠠᠭᠯᠠᠭᠴᠢ ᠬᠠᠢᠷᠰᠤ ᠲᠠᠢ ᠪᠠᠨ ᠨᠡᠢᠯᠡᠵᠦ ᠵᠥᠪᠬᠡᠨ ᠣᠷᠣᠢ ᠳ᠋ᠠᠭᠠᠨ ᠰᠠᠯᠤᠩᠭᠢ ᠪᠠᠢᠳᠠᠭ᠃ ᠪᠤᠭᠤᠷᠴᠠᠭ ᠨᠢ ᠪᠥᠮᠪᠦᠭᠡᠨ ᠬᠡᠯᠪᠡᠷᠢ ᠲᠡᠢ᠂ ᠳ᠋ᠢᠶᠠᠮᠧᠲ᠋ᠷ ᠨᠢ1.2_2cm᠂ ᠪᠠᠭ᠎ᠠ ᠳ᠋ᠠᠭᠠᠨ ᠨᠣᠭᠣᠭᠠᠨ᠂ ᠪᠣᠯᠪᠠᠰᠤᠷᠠᠪᠠᠯ ᠬᠦᠷᠡᠩ ᠪᠣᠯᠤᠨ᠎ᠠ᠃ ᠦᠷ᠎ᠡ ᠶ᠋ᠢᠨ ᠬᠠᠢᠷᠰᠤ ᠨᠢ ᠬᠣᠷᠢ ᠣᠷᠴᠢᠮ᠂ ᠰᠢᠭᠠᠨᠲᠠᠭ ᠬᠡᠯᠪᠡᠷᠢ ᠲᠡᠢ᠂ ᠲᠤᠰ ᠪᠦᠷᠢ ᠬᠣᠶᠠᠷ ᠦᠷ᠎ᠡ ᠲᠡᠢ᠂ ᠳᠡᠭᠡᠳᠦ ᠬᠥᠪᠡᠭᠡ ᠳ᠋ᠡᠭᠡᠨ5_6 ᠬᠤᠷᠴᠠ ᠬᠡᠷᠴᠢᠶᠡᠰᠦ ᠲᠡᠢ᠂ ᠠᠷᠤ ᠳ᠋ᠤᠨᠢ ᠭᠠᠳᠠᠭᠰᠢ ᠱᠣᠪᠣᠢᠵᠤ ᠭᠠᠷᠤᠭᠰᠠᠨ ᠷᠣᠮᠪ ᠬᠡᠯᠪᠡᠷᠢᠲᠦ ᠳᠣᠪᠣᠭᠣᠷ ᠲᠠᠢ᠃ ᠦᠷ᠎ᠡ ᠨᠢ ᠪᠠᠬᠠᠨ ᠬᠠᠮᠰᠢᠭᠢᠷ᠂ ᠭᠤᠷᠪᠠᠯᠵᠢᠪᠲᠤᠷ ᠥᠨᠳᠡᠭᠡᠨ ᠬᠡᠯᠪᠡᠷᠢᠲᠡᠢ ᠪᠥᠭᠡᠳ ᠬᠠᠷᠠᠪᠲᠤᠷ ᠬᠦᠷᠡᠩ᠂ ᠬᠥᠪᠡᠭᠡ ᠪᠡᠷ ᠢᠪᠴᠤᠤᠬᠠᠨ ᠳᠠᠯᠠᠪᠴᠢ ᠲᠠᠢ᠃ ᠳᠤᠯᠠᠭᠠᠨ ᠴᠢᠭᠢᠭ ᠲᠡᠢ ᠠᠭᠤᠷ ᠠᠮᠢᠰᠬᠤᠯᠲᠤ ᠭᠠᠵᠠᠷ ᠤ᠋ᠨ ᠬᠦᠴᠢᠯᠯᠢᠭ ᠪᠥᠭᠡᠳ ᠡᠯᠡᠰᠦᠷᠬᠡᠭ ᠬᠥᠷᠥᠰᠥᠲᠦ ᠠᠭᠤᠯᠠ ᠶ᠋ᠢᠨ ᠬᠠᠵᠠᠭᠤ ᠪᠠᠷ ᠰᠠᠢᠨ ᠤᠷᠭᠤᠨ᠎ᠠ᠃
ᠮᠠᠨ ᠤ᠋ ᠤᠯᠤᠰ ᠤ᠋ᠨ ᠡᠮᠦᠨᠡᠲᠦ ᠣᠷᠣᠨ ᠤ᠋ ᠡᠯ᠎ᠡ ᠮᠣᠵᠢ ᠪᠠᠷ ᠪᠦᠷ ᠤᠷᠭᠤᠳᠠᠭ᠃
ᠨᠠᠪᠴᠢ᠂ ᠮᠥᠴᠢᠷ ᠡᠰᠢ ᠬᠢᠭᠡᠳ ᠦᠨᠳᠦᠰᠦᠨ ᠳ᠋ᠦ᠍ᠨᠢ ᠪᠦᠷ ᠠᠩᠬᠢᠯᠤᠮ᠎ᠠ ᠲᠣᠰᠣ ᠲᠠᠢ᠃ ᠬᠣᠯᠲᠣᠰᠣ ᠨᠢ ᠡᠯᠳᠡᠭᠦᠷ ᠦ᠋ᠨ ᠲᠦᠭᠦᠬᠡᠢ ᠡᠳ᠋᠃ ᠮᠣᠳᠣ ᠪᠠᠷ ᠢ᠋ᠶ᠋ᠠᠨ ᠪᠠᠭᠠᠵᠢ ᠬᠡᠷᠡᠭᠰᠡᠯ ᠬᠢᠨ᠎ᠡ᠃ ᠴᠡᠴᠡᠷᠯᠢᠭ ᠲᠤ ᠲᠠᠷᠢᠵᠤ ᠦᠵᠡᠮᠵᠢ ᠶ᠋ᠢᠨ ᠮᠣᠳᠣ ᠪᠣᠯᠭᠠᠭᠰᠠᠨ ᠴᠤ᠌ ᠪᠣᠯᠤᠨ᠎ᠠ᠃ ᠬᠣᠯᠲᠣᠰᠣ ᠨᠢ ᠡᠮ ᠳ᠋ᠦ᠍ ᠣᠷᠣᠨ᠎ᠠ᠃
ᠬᠢᠲᠠᠳ ᠨᠡᠷ᠎ᠡ᠄柳杉
ᠠᠩᠭ᠌ᠯᠢ ᠨᠡᠷ᠎ᠡ᠄Cryptomeria fortunei Hooibrenk ex Otto et Dietr.
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠫᠤ ᠴᠠᠭᠠᠨ
