ᠣᠷᠣᠢ ᠦᠭᠡᠢ ᠰᠦᠮ᠎ᠡ – ᠭᠤᠴᠢᠨ ᠨᠢᠭᠡ ᠂ ᠰᠢᠷ᠎ᠠ ᠰᠢᠪᠲᠤᠯᠬᠤ ᠪᠠᠷ ᠰᠢᠢᠳᠦᠭᠰᠡᠨ ᠨᠢ Оройгүй сүм – Гучин нэг᠂Шар шувтлахаар шийдсэн нь - Oroigui sum 31 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠭᠤᠴᠢᠨ ᠨᠢᠭᠡ ᠂ ᠰᠢᠷ᠎ᠠ ᠰᠢᠪᠲᠤᠯᠬᠤ ᠪᠠᠷ ᠰᠢᠢᠳᠦᠭᠰᠡᠨ ᠨᠢ Оройгүй сүм – Гучин нэг᠂Шар шувтлахаар шийдсэн нь - Oroigui sum 31

ᠣᠷᠣᠢ ᠦᠭᠡᠢ ᠰᠦᠮ᠎ᠡ – ᠭᠤᠴᠢᠨ ᠨᠢᠭᠡ ᠂ ᠰᠢᠷ᠎ᠠ ᠰᠢᠪᠲᠤᠯᠬᠤ ᠪᠠᠷ ᠰᠢᠢᠳᠦᠭᠰᠡᠨ ᠨᠢ Оройгүй сүм – Гучин нэг᠂Шар шувтлахаар шийдсэн нь - Oroigui sum 31

ᠠᠩᠭᠢᠯᠠᠯ:ᠲᠤᠭᠤᠵᠢ ᠷᠣᠮᠠᠨ
2024-03-28

943

ᠭᠤᠴᠢᠨ ᠨᠢᠭᠡ ᠂ ᠰᠢᠷ᠎ᠠ ᠰᠢᠪᠲᠤᠯᠬᠤ ᠪᠠᠷ ᠰᠢᠢᠳᠦᠭᠰᠡᠨ ᠨᠢ


                 ᠬᠥᠮᠦᠨ ᠵᠠᠯᠠᠭᠤ ᠪᠠᠷ ᠢ᠋ᠶ᠋ᠠᠨ ᠪᠠᠢᠳᠠᠭ ᠦᠭᠡᠢ 
                 ᠬᠦᠯᠢᠶᠡᠰᠦ ᠴᠢᠩᠭ᠎ᠠ ᠪᠡᠷ ᠢ᠋ᠶ᠋ᠡᠨ ᠪᠠᠢᠳᠠᠭ ᠦᠭᠡᠢ 
                 ᠬᠥᠪᠳᠥ ᠨᠣᠭᠣᠭᠠᠨ ᠢ᠋ᠶ᠋ᠠᠷ ᠢ᠋ᠶ᠋ᠠᠨ ᠪᠠᠢᠳᠠᠭ ᠦᠭᠡᠢ  

      《ᠪᠤᠶᠠᠨᠵᠠᠯᠪᠠᠷᠢᠬᠤ ᠬᠡᠢᠳ ᠤᠨ ᠬᠠᠮᠪᠤ ᠯᠠᠮᠠ ᠰᠠᠩᠵᠢᠳᠠᠯᠪᠢᠴᠣᠢᠵᠠᠮᠰᠤ ᡀᠠᠷᠠᠮᠪᠠᠲᠠᠨ ᠪᠤᠷᠤᠭᠤ ᠳᠠᠪᠠᠭ᠎ᠠ ᠪᠠᠷ ᠣᠷᠣᠵᠠᠢ》 ᠭᠡᠰᠡᠨ ᠴᠤᠤ ᠦᠭᠡ ᠲᠦᠭᠡᠨ ᠲᠠᠷᠠᠵᠤ᠂ ᠵᠠᠰᠠᠭᠲᠤ ᠬᠠᠭᠠᠨ ᠤ᠋ ᠬᠦᠷᠢᠶᠡᠨ ᠳ᠋ᠦ᠍ ᠬᠦᠷᠴᠦ ᠲᠤᠩ ᠤᠳᠠᠯ ᠦᠭᠡᠢ ᠪᠣᠭᠳᠠ ᠡᠵᠡᠨ ᠦ᠌ ᠰᠣᠨᠣᠷ ᠲᠤ ᠳᠤᠭᠤᠯᠳᠠᠵᠠᠢ᠃ 
       ᠲᠡᠷᠡ ᠬᠣᠭᠣᠷᠣᠨᠳᠣ ᠰᠢᠷᠡᠭᠡᠲᠦ ᠴᠣᠢᠪᠵᠡᠨ᠂ ᠳᠡᠴᠢᠨ ᠤᠮᠵᠠᠳ᠂ ᠳᠡᠮᠪᠡᠷᠢᠯ ᠭᠡᠰᠬᠦᠢ᠂ ᠳᠡᠮᠴᠦᠭ ᠭᠠᠪᠵᠤ ᠨᠠᠷ ᠠᠴᠠ ᠥᠭᠰᠥᠭᠦᠯᠦᠨ ᠬᠠᠮᠪᠤ ᠯᠠᠮᠠ ᠰᠠᠩᠵᠢᠳᠠᠯᠪᠢᠴᠣᠢᠵᠠᠮᠰᠤ ᠲᠠᠢ ᠲᠠᠭᠠᠷᠠᠬᠤ ᠦᠭᠡᠢ ᠯᠠᠮᠠ ᠨᠠᠷ ᠤᠨ ᠲᠣᠭ᠎ᠠ ᠡᠳᠦᠷ ᠢᠷᠡᠬᠦ ᠪᠦᠷᠢ ᠨᠡᠮᠡᠭᠳᠡᠭᠰᠡᠭᠡᠷ ᠪᠠᠢᠪᠠ᠃ 
       ᠪᠤᠶᠠᠨᠵᠠᠯᠪᠠᠷᠢᠬᠤ ᠬᠡᠢᠳ ᠲᠤ ᠪᠠᠷᠢᠵᠤ ᠪᠠᠢᠭ᠎ᠠ ᠴᠣᠢᠷᠣ᠎ᠠ ᠶ᠋ᠢᠨ ᠳᠤᠭᠠᠩ ᠴᠦ᠍ ᠥᠪᠡᠷ ᠢᠶᠠᠨ ᠠᠭᠢᠭᠰᠠᠭᠠᠷ ᠣᠷᠣᠢ ᠳ᠋ᠤ᠌ ᠪᠠᠨ ᠣᠢᠷᠠᠳᠤᠭᠰᠠᠭᠠᠷ ᠪᠥᠯᠥᠭᠡ᠃ ᠰᠠᠩᠵᠢᠳᠠᠯᠪᠢᠴᠣᠢᠵᠠᠮᠰᠤ ᠬᠠᠮᠪᠤ ᠶᠢᠨ ᠬᠢᠳᠡᠭ ᠭᠠᠭᠴᠠ ᠠᠵᠢᠯ ᠨᠢ ᠲᠡᠷᠡ ᠰᠦᠮ᠎ᠡ ᠶ᠋ᠢᠨ ᠪᠠᠷᠢᠯᠭ᠎ᠠ ᠪᠣᠯᠵᠠᠢ᠃《ᠡᠨᠡ ᠰᠦᠮ᠎ᠡ ᠶᠢ ᠯᠡ ᠪᠠᠷᠢᠵᠤ ᠳᠠᠭᠤᠰᠴᠢᠬᠠᠪᠠᠯ ᠬᠡᠢᠳ ᠡᠴᠡ ᠳᠠᠢᠵᠢᠵᠤ ᠨᠢᠭᠡ ᠪᠣᠯ ᠳᠢᠶᠠᠨᠴᠢᠯᠠᠨ ᠰᠠᠭᠤᠬᠤ᠂ ᠡᠰᠡᠪᠡᠯ ᠶᠠᠭᠠᠬᠢᠳᠠᠭ ᠶᠤᠮ ᠪᠣᠢ᠂ ᠣᠳᠬᠣᠨ ᠬᠡᠦᠬᠡᠨ ᠲᠡᠢ ᠠᠢᠯ ᠭᠡᠷ ᠪᠣᠯᠤᠨ ᠠᠮᠢᠳᠤᠷᠠᠬᠤ ᠮᠢᠨᠢ᠃ ᠡᠬᠡ ᠡᠴᠢᠭᠡ ᠶ᠋ᠢᠨ ᠳᠤᠷᠠᠰᠬᠠᠯ ᠪᠤᠶᠠᠨ ᠪᠣᠯᠭᠠᠵᠤ ᠰᠦᠮ᠎ᠡ ᠶᠢ ᠵᠠᠪᠠᠯ ᠳᠠᠭᠤᠰᠬᠠᠬᠤ ᠶᠣᠰᠣᠲᠠᠢ》 ᠭᠡᠵᠦ ᠲᠡᠷᠡ ᠳᠣᠲᠣᠷ᠎ᠠ ᠪᠠᠨ ᠪᠠᠲᠤ ᠰᠢᠢᠳᠴᠡᠢ᠃ ᠲᠡᠭᠦᠨ ᠦ᠌ ᠡᠨᠡ ᠰᠠᠨᠠᠭ᠎ᠠ ᠶᠢ ᠣᠳᠣ ᠪᠡᠷ ᠬᠡᠨ ᠴᠦ᠍ ᠮᠡᠳᠡᠭᠡ ᠦᠭᠡᠢ ᠪᠠᠢᠯ᠎ᠠ᠃ ᠲᠡᠭᠡᠲᠡᠯ᠎ᠡ᠂ 
       - ᠣᠳᠬᠣᠨ ᠬᠡᠦᠬᠡᠨ ᠳᠠᠪᠬᠤᠷ ᠪᠡᠶ᠎ᠡ ᠲᠡᠢ ᠪᠣᠯᠵᠤ ᠭᠡᠨ᠎ᠡ᠃ ᠰᠠᠩᠵᠢᠳᠠᠯᠪᠢᠴᠣᠢᠵᠠᠮᠰᠤ ᡀᠠᠷᠠᠮᠪᠠᠲᠠᠨ ᠤ᠋ ᠬᠡᠦᠬᠡᠳ ᠪᠣᠯᠬᠤ ᠠᠴᠠ ᠭᠠᠷᠴᠠᠭ᠎ᠠ ᠦᠭᠡᠢ᠃ ᠠᠩᠴᠢᠨ ᠳᠣᠪᠳᠣᠨ ᠤ᠋ ᠳᠤᠷᠠᠨᠳᠠᠵᠤ ᠬᠠᠷᠠᠭᠰᠠᠨ ᠴᠠᠭ ᠠ᠋ᠴᠠ ᠬᠣᠢᠰᠢ ᠲᠣᠭᠠᠯᠠᠬᠤ ᠳᠦ ᠬᠤᠭᠤᠴᠠᠭ᠎ᠠ ᠨᠢ ᠲᠠᠭᠠᠷᠠᠭᠠᠳ ᠪᠠᠢᠨ᠎ᠠ ᠭᠡᠰᠡᠨ ᠶᠠᠷᠢᠶ᠎ᠠ ᠲᠦᠭᠡᠨ ᠲᠠᠷᠠᠵᠤ ᠰᠠᠶᠢ ᠯᠠ ᠬᠠᠮᠪᠤ ᠯᠠᠮᠠᠲᠠᠨ ᠤ᠋ ᠥᠪᠡᠷ ᠤᠨ ᠰᠣᠨᠣᠷ ᠲᠤ ᠬᠦᠷᠴᠡᠢ᠃ ᠲᠡᠭᠦᠨ ᠢ᠋ ᠳᠡᠮᠴᠦᠭ ᠭᠠᠪᠵᠤ ᠥᠪᠡᠷ ᠢ᠋ᠶ᠋ᠡᠨ ᠬᠦᠷᠴᠦ ᠢᠷᠡᠵᠦ ᠰᠠᠩᠵᠢ ᠬᠠᠮᠪᠤ ᠳ᠋ᠤ᠌ ᠬᠡᠯᠡᠪᠡ᠃ 
       - ᡀᠠᠷᠠᠮᠪᠠ ᠲᠠᠨ ᠤ᠋ ᠲᠤᠬᠠᠢ ᠨᠢᠭᠦᠯ᠂ ᠴᠢᠪᠢᠯ ᠲᠡᠢ ᠶᠠᠷᠢᠶ᠎ᠠ ᠬᠠᠶᠠ ᠦᠭᠡᠢ ᠲᠠᠷᠠᠵᠠᠢ᠃ ᠪᠤᠷᠬᠠᠨ ᠤ᠋ ᠨᠣᠮ ᠤᠨ ᠲᠤᠬᠠᠢ ᠳ᠋ᠤ᠌ ᠲᠠᠨ ᠤ᠋ ᠶᠠᠷᠢᠳᠠᠭ ᠲᠠᠩᠭᠠᠷᠢᠭ ᠪᠠᠭᠤᠷᠠᠭᠰᠠᠨ ᠦᠭᠡᠰ ᠢ ᠴᠦ᠍ ᠯᠠᠮᠠ ᠨᠠᠷ ᠪᠢᠳᠡ ᠡᠨᠡᠦᠬᠡᠨ ᠳ᠋ᠦ᠍ ᠪᠡᠨ ᠳᠠᠷᠤᠭᠠᠳ ᠪᠠᠢᠵᠤ ᠪᠣᠯᠬᠤ ᠰᠠᠨ᠃ ᠭᠡᠲᠡᠯ᠎ᠡ ᠲᠠ ᠬᠠᠮᠪᠤ ᠶᠢᠨ ᠮᠢᠨᠳᠠᠭ᠂ ᡀᠠᠷᠠᠮᠪᠠ ᠶ᠋ᠢᠨ ᠴᠣᠯᠠ ᠪᠠᠨ ᠤᠮᠠᠷᠲᠠᠵᠤ᠂ ᠡᠮᠡᠰ ᠣᠬᠢᠳ ᠲᠠᠢ ᠵᠢᠭᠤᠷᠠᠯᠳᠤᠵᠤ᠂ ᠮᠠᠨ ᠤ᠋ ᠪᠤᠶᠠᠨᠵᠠᠯᠪᠠᠷᠢᠬᠤ ᠬᠡᠢᠳ ᠢ ᠲᠤᠯᠭ᠎ᠠ ᠶᠢᠨ ᠴᠢᠯᠠᠭᠤ ᠲᠤᠯᠤᠭᠰᠠᠨ ᠠ᠋ᠴᠠ ᠨᠢ ᠬᠣᠢᠰᠢ ᠥᠨᠥ ᠶ᠋ᠢ ᠬᠦᠷᠲᠡᠯ᠎ᠡ ᠳᠤᠭᠤᠯᠳᠠᠵᠤ ᠪᠠᠢᠭ᠎ᠠ ᠦᠭᠡᠢ ᠮᠠᠭᠤ ᠶᠠᠷᠢᠶᠠᠨ ᠳ᠋ᠤ᠌ ᠣᠷᠣᠭᠤᠯᠵᠠᠢ ᠳᠠ ᠭᠡᠵᠦ ᠳᠡᠮᠴᠦᠭ ᠭᠠᠪᠵᠤ ᠴᠠᠮᠬᠠᠩᠪᠠ ᠪᠤᠶᠤ ᠯᠠᠮᠠ ᠨᠠᠷ ᠤᠨ ᠠᠮᠠᠷᠠᠯᠲᠠ ᠶᠢᠨ ᠥᠷᠥᠭᠡᠨ ᠳ᠋ᠦ᠍ ᠰᠠᠭᠤᠵᠤ ᠪᠠᠢᠬᠤ ᠳᠤ ᠪᠠᠨ ᠰᠠᠩᠵᠢ ᠬᠠᠮᠪᠤ ᠳ᠋ᠤ᠌ ᠪᠠᠷᠤᠭ ᠯᠠ ᠲᠤᠯᠭᠠᠬᠤ ᠰᠢᠬᠠᠮ ᠬᠡᠯᠡᠪᠡ᠃ ᠲᠡᠷᠡ ᠡᠨᠡ ᠶᠠᠷᠢᠶᠠᠨ ᠳ᠋ᠤ᠌ ᠤᠷᠢᠳᠤ ᠠᠴᠠ ᠪᠡᠯᠡᠳᠴᠡᠢ᠃ 
       - ᠪᠢᠳᠡᠨ ᠰᠢᠭ᠋ ᠮᠢᠬ᠎ᠠ ᠴᠢᠰᠤᠨ ᠳ᠋ᠤ᠌ ᠲᠥᠷᠥᠭᠰᠡᠨ ᠵᠢᠵᠢᠭᠬᠡᠨ ᠯᠠᠮᠠ ᠨᠠᠷ ᠪᠠᠢᠲᠤᠭᠠᠢ ᠶᠢᠷᠲᠢᠨᠴᠦ ᠶᠢᠨ ᠡᠪᠦᠭᠡ ᠮᠠᠬᠠᠰᠣᠸᠠᠷ ᠬᠦᠷᠲᠡᠯ᠎ᠡ ᠪᠡᠶ᠎ᠡ ᠶ᠋ᠢᠨ ᠥᠩᠭᠡ ᠤᠯᠠᠭᠠᠨ᠂ ᠡᠬᠡ ᠣᠮᠠᠳᠢᠸᠢ ᠲᠠᠢ ᠤᠴᠠᠷᠠᠭᠰᠠᠨ ᠪᠠᠢᠳᠠᠯ ᠢᠶᠠᠷ ᠱᠠᠮᠫᠣᠳᠠᠯ ᠸᠠᠡᠭᠵᠢᠳ ᠪᠤᠶᠤ ᠪᠤᠰᠤᠳ ᠤ᠋ᠨ ᠬᠤᠪᠢᠯᠤᠭᠰᠠᠨ ᠳ᠋ᠤ᠌ ᠪᠡᠶᠡᠰᠤᠭᠴᠢ ᠲᠩᠷᠢ ᠶ᠋ᠢᠨ ᠣᠷᠣᠨ ᠳ᠋ᠤ᠌ ᠣᠷᠣᠰᠢᠳᠠᠭ ᠰᠢᠦ ᠳᠡ! ᠭᠡᠵᠦ ᠰᠠᠩᠵᠢᠳᠠᠯᠪᠢᠴᠣᠢᠵᠠᠮᠰᠤ ᠶᠥᠭᠡᠳᠡᠨ ᠬᠡᠯᠡᠪᠡ᠃ ᠡᠢᠮᠦ ᠬᠠᠷᠢᠭᠤ ᠤᠷᠢᠳᠤ ᠠᠴᠠ ᠪᠣᠳᠣᠵᠤ ᠪᠠᠢᠵᠠᠢ᠃ 
       - ᠴᠢᠪᠢᠯᠲᠦ ᠰᠢᠮᠨᠤ ᠲᠠᠢ ᠤᠴᠠᠷᠠᠨ ᠲᠡᠪᠡᠷᠢᠭᠰᠡᠨ ᠪᠤᠷᠬᠠᠳ ᠳᠣᠭᠰᠢᠳ ᠤ᠋ᠨ ᠳᠦᠷᠢ ᠪᠢᠰᠢᠭᠦᠢ ᠯᠡ ᠪᠣᠢ᠃ ᠲᠡᠷᠡ ᠪᠣᠯ ᠲᠡᠢᠮᠦ ᠪᠠᠢᠬᠤ ᠶ᠋ᠢ ᠴᠡᠭᠡᠷᠯᠡᠭᠦᠯᠦᠭᠰᠡᠨ ᠵᠦᠢᠯ ᠪᠣᠯᠬᠤ ᠶᠢ ᡀᠠᠷᠠᠮᠪᠠ ᠲᠠ ᠨᠠᠳᠠ ᠪᠠᠷ ᠬᠡᠯᠡᠭᠦᠯᠦᠯᠲᠡ ᠦᠭᠡᠢ ᠮᠡᠳᠡᠨ᠎ᠡ᠃ ᠮᠠᠭᠤ ᠦᠢᠯᠡ ᠶ᠋ᠢᠨ ᠠᠪᠢᠶᠠᠰ ᠢ ᠲᠠᠰᠤᠯᠬᠤ ᠶᠢᠨ ᠲᠤᠯᠠᠳᠠ ᠦᠶ᠎ᠡ ᠭᠡᠰᠢᠭᠦᠨ ᠢ᠋ ᠬᠡᠷᠴᠢᠨ ᠬᠡᠰᠡᠭᠯᠡᠭᠰᠡᠨ᠂ ᠮᠤᠩᠬᠠᠭ ᠢ᠋ ᠳᠠᠷᠤᠬᠤ ᠪᠠᠷ ᠮᠢᠬ᠎ᠠ ᠪᠦᠬᠦᠨ ᠢ᠋ ᠢᠳᠡᠵᠦ᠂ ᠬᠦᠰᠡᠯ ᠲᠠᠴᠢᠶᠠᠯ ᠢ᠋ ᠳᠠᠷᠤᠬᠤ ᠪᠠᠷ ᠴᠢᠰᠤ ᠪᠦᠬᠦᠨ ᠢ᠋ ᠤᠤᠭᠤᠵᠤ᠂ ᠠᠭᠤᠷ ᠢ ᠳᠠᠷᠤᠬᠤ ᠪᠠᠷ ᠶᠠᠰᠤ ᠪᠦᠬᠦᠨ ᠢ᠋ ᠲᠠᠰᠤᠯᠵᠤ ᠢᠳᠡᠭᠰᠡᠨ ᠪᠠᠢᠳᠠᠯ ᠢ᠋ᠶ᠋ᠠᠷ ᠪᠤᠷᠬᠠᠳ᠂ ᠳᠣᠭᠰᠢᠳ ᠤ᠋ᠨ ᠳᠦᠷᠢ ᠶ᠋ᠢ ᠪᠦᠲᠦᠭᠡᠳᠡᠭ ᠢ᠋ ᡀᠠᠷᠠᠮᠪᠠ ᠲᠠ ᠠᠨᠳᠠᠬᠤ ᠦᠭᠡᠢ ᠪᠠᠢᠯᠭᠦᠢ ᠳᠡ᠃ ᠲᠡᠷᠡ ᠪᠦᠬᠦᠨ ᠡᠢᠮᠦ ᠨᠢᠭᠦᠯ ᠢ᠋ ᠵᠢᠭᠰᠢᠭᠦᠯᠬᠦ ᠭᠡᠰᠡᠨ ᠬᠡᠷᠡᠭ ᠪᠢᠵᠡ ᠳᠡ ᠭᠡᠵᠦ ᠳᠡᠮᠴᠦᠭ ᠭᠠᠪᠵᠤ ᠨᠤᠬᠤᠴᠠᠲᠠᠶ᠎ᠠ ᠬᠡᠯᠡᠬᠦ ᠳ᠋ᠦ᠍ 
       - ᠪᠤᠷᠬᠠᠨ ᠤ᠋ ᠰᠤᠷᠭᠠᠯ ᠢ ᠪᠢᠳᠡ ᠦᠯᠢᠭᠡᠷ ᠪᠣᠯᠭᠠᠴᠢᠬᠠᠭᠠᠳ ᠯᠠ ᠪᠠᠢᠭ᠎ᠠ ᠰᠢᠦ ᠳᠡ᠃ ᠦᠯᠢᠭᠡᠷ ᠢ᠋ ᠮᠠᠨᠢ ᠰᠦᠵᠢᠭᠲᠡᠨ ᠨᠦ᠍ᠭᠦᠳ ᠲᠣᠭᠣᠬᠤ ᠦᠭᠡᠢ ᠣᠯᠢᠭ ᠪᠣᠯᠬᠤ ᠪᠠᠷ ᠨᠢ ᠳᠠᠬᠢᠨ ᠦᠯᠢᠭᠡᠷ ᠵᠣᠬᠢᠶᠠᠵᠤ ᠲᠡᠭᠦᠨ ᠳ᠋ᠦ᠍ ᠪᠡᠨ ᠢᠲᠡᠭᠡᠭᠦᠯᠬᠦ ᠭᠡᠵᠦ ᠲᠠᠢᠯᠪᠤᠷᠢᠯᠠᠳᠠᠭ ᠪᠣᠯᠤᠭᠰᠠᠨ ᠪᠢᠵᠡ ᠳᠡ? 《ᠳᠣᠯᠣᠭᠠᠨ ᠰᠠᠷᠠ ᠣᠳᠬᠤ ᠴᠠᠭ ᠲᠤ᠌ ᠡᠮ ᠯᠤᠤᠰ ᠤ᠋ᠨ ᠤᠮᠠᠢ ᠠᠴᠠ ᠲᠡᠮᠦᠷ ᠥᠨᠳᠡᠭᠡ ᠠᠮᠠ᠂ ᠨᠢᠳᠦ ᠨᠢ ᠶᠢᠰᠦ ᠨᠢᠭᠡᠨ ᠲᠥᠷᠥᠯ᠎ᠡ᠃ ᠲᠥᠷᠥᠭᠰᠡᠨ ᠳᠠᠷᠤᠢ ᠳ᠋ᠤ᠌ ᠪᠠᠨ ᠣᠭᠲᠠᠷᠭᠤᠢ ᠳ᠋ᠤ᠌ ᠳᠡᠭᠦᠯᠢᠨ ᠬᠠᠷᠠᠢᠯ᠎ᠠ》 ᠭᠡᠵᠦ ᠨᠣᠮ ᠳ᠋ᠤ᠌ ᠪᠢᠴᠢᠭᠡᠰᠦᠲᠡᠢ ᠪᠠᠢᠳᠠᠭ ᠪᠢᠵᠡ ᠳᠡ? ᠡᠨᠡ ᠦᠯᠢᠭᠡᠷ ᠡᠴᠡ ᠢᠯᠭᠠᠭ᠎ᠠ ᠶᠠᠭᠤ ᠪᠠᠢᠨ᠎ᠠ? ᠵᠣᠬᠢᠶᠠᠮᠠᠯ ᠰᠣᠨᠢᠨ ᠦᠯᠢᠭᠡᠷ ᠰᠢᠦ ᠳᠡ ᠭᠡᠵᠦ ᠰᠠᠩᠵᠢᠳᠠᠯᠪᠢᠴᠣᠢᠵᠠᠮᠰᠤ ᠨᠢᠴᠤᠭᠠᠨ ᠶᠠᠷᠢᠪᠠ᠃ 
       - ᠨᠣᠮ ᠤ᠋ᠨ ᠮᠥᠷ ᠢ᠋ ᠨᠣᠮ ᠢ᠋ᠶ᠋ᠠᠷ ᠨᠢ ᠦᠯᠡᠳᠡᠭᠡᠶ᠎ᠡ᠃ ᠬᠥᠮᠦᠨ ᠦ᠌ ᠮᠥᠷ ᠢ ᠬᠥᠮᠦᠨ ᠳᠡᠭᠡᠷ᠎ᠡ ᠨᠢ ᠶᠠᠷᠢᠵᠤ ᠪᠠᠢᠨ᠎ᠠ᠃ ᠬᠡᠷᠪᠡ ᠡᠮᠡᠰ ᠥᠬᠢᠳ ᠢ᠋ᠶ᠋ᠡᠷ ᠬᠥᠭᠡᠭᠡᠴᠡᠯᠳᠦᠵᠦ ᠶᠠᠪᠤᠭᠰᠠᠨ ᠬᠠᠮᠪᠤ ᠲᠠᠨ ᠤ᠋ ᠶᠠᠪᠤᠳᠠᠯ ᠦᠨᠡᠨ ᠪᠣᠯ᠁ ᠲᠠ ᠨᠢᠭᠡ ᠪᠣᠯ ᠰᠢᠷ᠎ᠠ ᠰᠢᠪᠲᠤᠯᠬᠤ᠂ ᠨᠢᠭᠡ ᠪᠣᠯ ᠵᠠᠩᠴᠢ ᠠᠷᠠᠯᠵᠢᠬᠤ ᠲᠤᠬᠠᠢ ᠯᠠ ᠪᠣᠳᠣᠵᠤ ᠪᠠᠢᠬᠤ ᠪᠣᠯᠵᠤ ᠳᠠ ᠭᠡᠵᠦ ᠳᠡᠮᠴᠦᠭ ᠭᠠᠪᠵᠤ ᠰᠠᠨᠠᠭᠤᠯᠤᠭᠠᠳ ᠴᠠᠰᠢ ᠨᠢ ᠣᠯᠠᠨ ᠶᠠᠭᠤᠮ᠎ᠠ ᠶᠠᠷᠢᠬᠤ ᠠ᠋ᠴᠠ ᠪᠣᠯᠭᠣᠮᠵᠢᠯᠠᠵᠤ ᠪᠣᠰᠴᠤ ᠶᠠᠪᠤᠯ᠎ᠠ᠃ 
       - ᠲᠡᠢᠮᠦ ᠳ᠋ᠦ᠍ ᠪᠡᠨ ᠬᠦᠷᠪᠡᠯ ᠲᠠ ᠴᠦ᠍ ᠭᠡᠰᠡᠨ ᠵᠠᠯᠠᠭᠤ ᠳ᠋ᠤ᠌ ᠪᠠᠨ ᠮᠠᠨ ᠤ᠋ ᠡᠵᠢ ᠶ᠋ᠢ ᠭᠣᠮᠣᠳᠠᠭᠠᠭᠰᠠᠨ ᠭᠡᠳᠡᠭ ᠪᠢᠵᠡ ᠳᠡ? ᠲᠡᠷᠡ ᠶᠠᠪᠤᠳᠠᠯ ᠳ᠋ᠤ᠌ ᠪᠠᠨ ᠬᠣᠷᠣᠰᠴᠤ ᠠᠨᠠᠭᠰᠠᠭᠠᠷ ᠲᠠᠯᠢᠢᠭᠠᠴᠢ ᠪᠣᠯᠤᠭᠰᠠᠨ ᠬᠣᠢᠨ᠎ᠠ ᠨᠢ ᠶᠠᠭᠤ ᠭᠡᠰᠡᠨ ᠮᠠᠭᠤᠬᠠᠢ ᠦᠭᠡ ᠪᠡᠷ ᠨᠣᠮ ᠪᠠᠭᠤᠯᠭᠠᠭᠰᠠᠨ ᠪᠠᠢᠯ᠎ᠠ? ᠡᠨᠡ ᠴᠢᠨᠢ ᠯᠡ ᠶᠣᠰᠣᠲᠠᠢ ᠲᠠ ᠪᠢᠳᠡᠨ ᠦ᠌ ᠦᠨᠡᠨ ᠨᠢᠭᠤᠷ ᠴᠢᠷᠠᠢ ᠪᠣᠯᠵᠤ ᠰᠢᠦ ᠳᠡ᠃ ᠪᠢᠳᠡ ᠴᠠᠭᠠᠨ᠎ᠠ ᠪᠠᠨ ᠡᠢᠮᠦ᠂ ᠨᠠᠭᠠᠨ᠎ᠠ ᠪᠠᠨ ᠪᠣᠯ ᠪᠤᠶᠠᠨ ᠤ᠋ ᠨᠣᠮ ᠠᠢᠯᠠᠳᠤᠭᠰᠠᠨ ᠪᠤᠷᠬᠠᠨ ᠤ᠋ ᠦᠨᠡᠨᠴᠢ ᠱᠠᠪᠢ ᠨᠠᠷ ᠳᠠ᠃ ᠲᠡᠢᠮᠦ ᠪᠢᠵᠡ! ᠭᠡᠵᠦ ᠰᠠᠩᠵᠢᠳᠠᠯᠪᠢᠴᠣᠢᠵᠠᠮᠰᠤ ᠲᠡᠷᠡ ᠬᠦ ᠭᠠᠪᠵᠤ ᠳᠡᠮᠴᠦᠭ ᠦ᠋ᠨ ᠬᠣᠣᠷ ᠢ᠋ ᠮᠠᠭᠠᠵᠢᠬᠤ ᠦᠭᠡ ᠶ᠋ᠢ ᠵᠣᠷᠢᠭᠤᠳᠠ ᠬᠡᠯᠡᠵᠦ ᠣᠷᠬᠢᠭᠠᠳ ᠠᠭᠤᠷ ᠬᠢᠯᠢᠩ ᠢ᠋ ᠨᠢ ᠳᠦᠷᠡᠯᠵᠢᠭᠦᠯᠴᠢᠬᠡᠵᠡᠢ᠃ 
       ᠴᠠᠮᠬᠠᠡᠭ᠌ᠪᠠ ᠳ᠋ᠤ᠌ ᠪᠣᠯᠤᠭᠰᠠᠨ ᠡᠨᠡᠬᠦ ᠪᠢᠴᠢᠬᠠᠨ ᠮᠠᠷᠭᠤᠭᠠᠨ ᠨᠢ ᠪᠤᠶᠠᠨᠵᠠᠯᠪᠠᠷᠢᠬᠤ ᠬᠡᠢᠳ ᠦ᠋ᠨ ᠯᠠᠮᠠ ᠨᠠᠷ ᠢ ᠰᠠᠩᠵᠢᠳᠠᠯᠪᠢᠴᠣᠢᠵᠠᠮᠰᠤ ᠬᠠᠮᠪᠤ ᠶᠢᠨ ᠡᠰᠡᠷᠭᠦ ᠬᠠᠨᠳᠤᠭᠤᠯᠬᠤ ᠰᠡᠭᠦᠯᠴᠢ ᠶᠢᠨ ᠰᠢᠯᠲᠠᠭ ᠪᠣᠯᠵᠠᠢ᠃ 《ᠪᠤᠷᠤᠭᠤ ᠳᠠᠪᠠᠭ᠎ᠠ ᠪᠠᠷ ᠣᠷᠣᠵᠠᠢ!》 ᠭᠡᠵᠦ ᠴᠥᠮ ᠯᠡ ᠠᠮᠠ ᠠᠮᠠᠨ ᠳ᠋ᠤ᠌ ᠪᠠᠨ ᠪᠤᠪᠲᠤᠨᠠᠵᠠᠭᠠᠬᠤ ᠪᠣᠯᠵᠠᠢ᠃ ᠳᠡᠮᠴᠦᠭ ᠭᠠᠪᠵᠤ ᠪᠣᠯ ᠪᠦᠷ ᠬᠣᠯᠠ ᠶ᠋ᠢᠨ ᠪᠣᠳᠣᠯ ᠲᠠᠢ ᠬᠣᠣᠷ ᠲᠠᠢ ᠶᠠᠪᠤᠭᠤᠯᠭ᠎ᠠ ᠳᠡᠭᠳᠡᠭᠡᠵᠦ ᠪᠠᠢᠯ᠎ᠠ᠃ 
      《ᠶᠠᠪᠤᠭᠤᠯᠭ᠎ᠠ᠂ ᠭᠦᠳᠬᠡᠯᠭᠡ ᠡᠯᠳᠡᠪ ᠶᠠᠭᠤᠮᠠᠰ ᠢ᠋ᠶ᠋ᠠᠨ ᠬᠢᠵᠦ ᠯᠡ ᠪᠠᠢᠭ᠃ ᠰᠦᠮ᠎ᠡ ᠪᠡᠨ ᠪᠠᠷᠢᠭᠤᠯᠵᠤ ᠳᠠᠭᠤᠰᠬᠠᠶ᠎ᠠ᠃ ᠳᠠᠭᠤᠰᠬᠠᠵᠤ ᠠᠷᠠᠪᠨᠠᠶᠢᠯᠠᠮᠠᠭᠴᠠ ᠪᠢ ᠬᠥᠳᠡᠭᠡ ᠭᠠᠷᠴᠤ ᠦᠰᠦ ᠲᠠᠯᠪᠢᠵᠤ᠂ ᠬᠠᠷ᠎ᠠ ᠪᠣᠯᠤᠭᠠᠳ ᠤᠳᠬᠤᠨ ᠲᠠᠢ ᠰᠠᠭᠤᠬᠤ ᠮᠢᠨᠢ᠃ ᠬᠠᠢᠷᠠᠨ ᠥᠩᠭᠡᠷᠡᠭᠰᠡᠨ ᠡᠮᠦᠨᠡᠬᠢ ᠨᠠᠰᠤ ᠪᠠᠨ ᠨᠥᠬᠥᠵᠦ ᠴᠢᠳᠠᠬᠤ ᠪᠠᠷ ᠰᠠᠢᠬᠠᠨ ᠠᠮᠢᠳᠤᠷᠠᠬᠤ ᠶᠤᠮᠰᠠᠨ》 ᠭᠡᠵᠦ ᠰᠠᠩᠵᠢ ᠪᠣᠳᠣᠵᠤ ᠪᠠᠶᠢᠯ᠎ᠠ᠃ 
       ᠲᠡᠭᠦᠨ ᠦ᠌ ᠦᠵᠡᠵᠦ ᠥᠩᠭᠡᠷᠡᠭᠦᠯᠦᠭᠰᠡᠨ ᠠᠮᠢᠳᠤᠷᠠᠯ ᠨᠢ ᠬᠣᠭᠣᠰᠣᠨ ᠳᠡᠮᠡᠢ ᠤᠷᠤᠰᠤᠭᠰᠠᠨ ᠤᠰᠤ ᠰᠢᠭ᠋ ᠰᠠᠨᠠᠭᠳᠠᠵᠤ ᠪᠠᠢᠯ᠎ᠠ᠃ ᠬᠡᠢᠳ ᠲᠤ ᠨᠢᠯᠬ᠎ᠠ ᠪᠠᠷ ᠢᠶᠠᠨ ᠱᠠᠪᠢᠯᠠᠨ ᠰᠠᠭᠤᠵᠤ ᠪᠠᠨᠳᠢ ᠡᠴᠡ ᠬᠤᠸᠠᠷᠠᠭ᠂ ᠤᠪᠠᠰᠢ᠂ ᠭᠡᠯᠦᠩ ᠪᠣᠯᠤᠭᠰᠠᠨ᠃ ᠲᠥᠪᠡᠳ ᠭᠠᠵᠠᠷ ᠶᠠᠪᠤᠵᠤ ᡀᠠᠰᠠ ᠬᠣᠲᠠ ᠶ᠋ᠢᠨ ᠪᠠᠷᠡᠪᠠᠡᠭ ᠳᠤᠭᠠᠩ ᠳ᠋ᠤ᠌ ᠠᠷᠤ ᠶᠢᠨ ᠵᠠᠪᠳᠤᠩ ᠠᠴᠠ ᠡᠬᠢᠯᠡᠭᠡᠳ ᠥᠪᠥᠷ ᠣᠨ ᠵᠠᠪᠳᠤᠩ ᠤᠨ ᠡᠬᠢᠨ ᠬᠦᠷᠲᠡᠯ᠎ᠡ ᠬᠡᠳᠦᠬᠡᠨ ᠠᠯᠬᠤᠮ ᠭᠠᠵᠠᠷ ᠲᠦ᠍ ᠤᠷᠤᠭᠰᠢ ᠠᠬᠢᠬᠤ ᠶ᠋ᠢᠨ ᠲᠤᠯᠠ ᠪᠦᠬᠦᠯᠢ ᠪᠦᠲᠦᠨ ᠦᠶ᠎ᠡ ᠮᠤᠯᠲᠤᠷᠠᠲᠠᠯ᠎ᠠ ᠣᠨ ᠢ᠋ ᠡᠯᠡᠭᠡᠭᠰᠡᠨ ᠲᠡᠷᠡ ᠪᠦᠷᠢ ᠳ᠋ᠦ᠍ ᠦᠵᠡᠵᠦ ᠥᠩᠭᠡᠷᠡᠭᠦᠯᠦᠭᠰᠡᠨ ᠵᠦᠢᠯ ᠶᠠᠭᠤᠬᠠᠨ ᠪᠢᠯᠡ? ᠥᠩᠭᠡ ᠪᠡᠷ ᠵᠠᠰᠠᠳᠠᠭ ᠬᠠᠭᠤᠷᠮᠠᠴᠢ ᠪᠣᠯᠭᠠᠨ ᠢ᠋ ᠲᠣᠭᠠᠯᠠᠪᠠᠴᠤ ᠪᠠᠷᠠᠰᠢ ᠦᠭᠡᠢ᠃ ᠰᠢᠲᠦᠭᠡᠨ ᠦ᠌ ᠰᠢᠷᠡᠭᠡᠨ ᠡᠴᠡ ᠯᠡ ᠲᠡᠷᠡ ᠬᠠᠭᠤᠷᠮᠠᠭ ᠶᠠᠭᠤᠮ᠎ᠠ ᠡᠬᠢᠯᠡᠳᠡᠭ᠃ ᠲᠡᠨᠳᠡ ᠲᠠᠬᠢᠯ ᠪᠣᠯᠭᠠᠨ ᠦᠷᠦᠭᠰᠡᠨ ᠪᠣᠯᠭᠠᠨ ᠴᠥᠮ ᠢᠶᠠᠷ ᠢᠶᠠᠨ ᠪᠡᠯᠭᠡᠳᠡᠯ ᠤᠨ ᠲᠡᠳᠦᠢ ᠰᠢᠨᠵᠢ ᠲᠡᠢ ᠶᠢ ᠰᠠᠩᠵᠢ ᠣᠳᠣ ᠰᠠᠢᠨ ᠮᠡᠳᠡᠵᠦ ᠪᠠᠢᠯ᠎ᠠ᠃ ᠮᠣᠯᠣᠷ ᠡᠷᠳᠡᠨᠢ ᠭᠡᠳᠡᠭ ᠴᠡᠴᠡ ᠨᠢ ᠰᠦᠮᠪᠦᠷ ᠠᠭᠤᠯᠠ ᠶ᠋ᠢ᠂ ᠠᠯᠲᠠᠨ ᠵᠢᠭᠠᠰᠤ ᠰᠧᠷᠨᠢᠶᠡᠳᠠᠩ ᠭᠡᠳᠡᠭ ᠬᠣᠶᠠᠷ ᠵᠢᠭᠠᠰᠤ ᠳᠡᠯᠡᠬᠡᠢ ᠶ᠋ᠢ ᠬᠠᠰᠢᠵᠤ ᠪᠠᠶᠢᠳᠠᠭ ᠤ᠋ᠨ ᠲᠡᠮᠳᠡᠭ᠂ ᠳᠡᠷᠴᠢᠨ ᠪᠤᠮᠪᠠ ᠭᠡᠳᠡᠭ ᠠᠮᠠ ᠲᠠᠢ ᠤᠰᠤ ᠲᠠᠢ ᠪᠤᠮᠪᠠ ᠨᠢ ᠲᠩᠷᠢ ᠨᠠᠷ ᠤᠨ ᠤᠮᠳᠠᠭ᠎ᠠ᠂ ᠪᠠᠳᠮᠠᠯᠢᠩᠬᠤ᠎ᠠ ᠶᠢᠨ ᠴᠡᠴᠡᠭ ᠰᠣᠬᠠᠸᠠᠳᠢ ᠶᠢᠨ ᠣᠷᠣᠨ ᠤ᠋ ᠪᠡᠯᠭᠡᠳᠡᠯ᠂ ᠳᠤᠩᠭᠠᠷᠠᠢᠴᠢᠯ ᠨᠢ ᠪᠤᠷᠬᠠᠳ ᠤᠨ ᠠᠯᠳᠠᠷ ᠲᠦᠭᠡᠭᠡᠭᠴᠢ ᠭᠡᠬᠦᠴᠢᠯᠡᠨ ᠴᠥᠮ ᠢᠶᠠᠷ ᠢᠶᠠᠨ ᠦᠯᠢᠭᠡᠷ ᠳᠣᠮᠣᠭ ᠲᠣᠮᠢᠶᠠᠨ ᠤ᠋ ᠰᠢᠨᠵᠢᠲᠡᠢ ᠪᠢᠯᠡ᠃ 
       ᠰᠠᠩᠵᠢ ᠵᠢ ᠶᠠᠳᠠᠷᠠᠭᠠᠨ ᠳ᠋ᠤ᠌ ᠣᠷᠣᠵᠤ ᠳᠤᠷᠤᠢᠲᠠᠬᠤ ᠦᠶ᠎ᠡ ᠳᠦ ᠫᠦᠷᠪᠦᠳᠣᠨᠣᠢ ᠮᠠᠷᠠᠮᠪᠠ ᠶᠠᠭᠠᠬᠢᠵᠤ ᠦᠢᠯᠡ ᠶ᠋ᠢ ᠦᠵᠡᠭᠰᠡᠨ ᠢ᠋ ᠪᠠᠰᠠ ᠮᠠᠷᠲᠠᠭ᠎ᠠ ᠦᠭᠡᠢ ᠪᠠᠢᠨ᠎ᠠ᠃ ᠰᠦᠨᠡᠰᠦ ᠳᠠᠭᠤᠳᠠᠬᠤ᠂ ᠮᠡᠩᠭᠡᠨ ᠵᠠᠰᠠᠯ ᠬᠢᠬᠦ᠂ ᠠᠮᠢᠨ ᠵᠣᠯᠢᠭ ᠭᠠᠷᠭᠠᠬᠤ ᠭᠡᠬᠦᠴᠢᠯᠡᠨ ᠣᠳᠣ ᠪᠣᠳᠣᠬᠤ ᠳᠦ ᠢᠨᠢᠶᠡᠳᠦ ᠬᠦᠷᠦᠮᠡᠷ ᠬᠡᠦᠬᠡᠳ ᠦ᠋ᠨ ᠲᠣᠭᠯᠠᠭᠠᠮ ᠰᠢᠭ᠋ ᠵᠠᠩ ᠦᠢᠯᠡ ᠶ᠋ᠢ ᠬᠡᠴᠢᠨᠡᠨ ᠢᠲᠡᠭᠡᠯ ᠲᠡᠢ ᠪᠠᠷ ᠦᠨᠡᠨ ᠰᠡᠳᠬᠢᠯ ᠡᠴᠡ ᠪᠡᠨ ᠬᠢᠵᠦ ᠪᠠᠢᠯ᠎ᠠ? ᠲᠡᠭᠡᠭᠡᠳ ᠲᠡᠭᠡᠭᠡᠳ ᠲᠤᠰᠠ ᠪᠣᠯᠤᠭᠰᠠᠨ ᠪᠢᠯᠢᠤ? ᠲᠡᠷᠡ ᠪᠦᠬᠦᠨ ᠦᠯᠢᠭᠡᠷ ᠮᠡᠲᠦ ᠬᠣᠭᠣᠰᠣᠨ᠂ ᠦᠷᠭᠦᠢ ᠥᠩᠭᠡᠷᠡᠵᠦ ᠭᠠᠭᠴᠠᠬᠦ ᠪᠡᠷᠢᠮᠦᠭ ᠡᠮᠡᠭᠡᠨ ᠦ᠌ ᠬᠠᠷ᠎ᠠ ᠤᠬᠠᠭᠠᠨ ᠯᠠ ᠰᠠᠩᠵᠢ ᠶᠢᠨ ᠳᠣᠯᠣᠭᠠᠨ ᠲᠠᠮᠢᠷ ᠢ ᠰᠡᠷᠭᠦᠭᠡᠵᠦ ᠥᠭᠭᠦᠭᠰᠡᠨ ᠪᠢᠯᠡ᠃ 
       ᠤᠳᠬᠤᠨ ᠬᠡᠦᠬᠡᠨ ᠢ᠋ ᠦᠷ᠎ᠡ ᠶ᠋ᠢᠨ ᠬᠤᠲᠤᠭ ᠲᠠᠢ ᠪᠣᠯᠭᠠᠬᠤ ᠭᠡᠵᠦ ᠬᠡᠴᠢᠨᠡᠨ ᠰᠦᠷ ᠪᠠᠳᠠᠷᠠᠭᠤᠯᠵᠤ᠂ ᠦᠢᠯᠡ ᠶ᠋ᠢ ᠨᠢ ᠦᠵᠡᠯ᠎ᠡ? ᠲᠡᠭᠡᠭᠡᠳ ᠲᠡᠭᠡᠭᠡᠳ ᠲᠤᠰᠠ ᠪᠣᠯᠤᠭᠰᠠᠨ ᠪᠢᠯᠢᠤ? ᠴᠥᠮ ᠯᠡ ᠲᠠᠯᠠᠭᠠᠷ ᠥᠩᠭᠡᠷᠡᠭᠰᠡᠨ᠃ ᠭᠡᠪᠡᠴᠦ ᠲᠡᠷᠡ ᠦᠷ᠎ᠡ ᠶ᠋ᠢᠨ ᠵᠠᠶᠠᠭ᠎ᠠ ᠲᠠᠢ ᠯᠠ ᠪᠠᠢᠵᠤ ᠳᠠ! 
       ᠪᠠᠭᠰᠢ ᠯᠠᠮᠠ ᠴᠣᠢᠮᠴᠣᠭ ᠭᠡᠯᠦᠩ ᠮᠠᠨᠢ ᠶᠠᠭᠠᠬᠢᠭᠰᠠᠨ ᠪᠢᠯᠡ᠃ ᠥᠪᠡᠷ ᠢ ᠪᠡᠨ ᠨᠢᠭᠦᠯ ᠲᠡᠢ ᠭᠡᠵᠦ ᠪᠣᠳᠣᠭᠰᠠᠭᠠᠷ ᠶᠠᠪᠤᠭᠠᠳ ᠵᠤᠯᠠ ᠶ᠋ᠢᠨ ᠭᠣᠣᠯ ᠪᠣᠯᠵᠤ ᠥᠩᠭᠡᠷᠡᠭᠰᠡᠨ᠃ ᠲᠡᠭᠦᠨ ᠢ᠋ ᠪᠡᠨ ᠨᠢᠭᠦᠯ ᠢ᠋ᠶ᠋ᠡᠨ ᠨᠠᠮᠠᠨᠴᠢᠯᠠᠨ ᠴᠠᠭᠠᠳᠬᠠᠬᠤ ᠳᠡᠭᠡᠳᠦ ᠠᠷᠭ᠎ᠠ ᠭᠡᠵᠦ ᠪᠣᠳᠣᠵᠤ ᠪᠠᠢᠭᠰᠠᠨ᠃ ᠪᠠᠰᠠ ᠯᠠ ᠦᠯᠢᠭᠡᠷ ᠳᠣᠮᠣᠭ ᠰᠢᠭ᠋ ᠪᠡᠯᠭᠡᠳᠡᠯ ᠤᠨ ᠲᠡᠳᠦᠢ ᠵᠠᠩ ᠦᠢᠯᠡ ᠶᠦᠮ᠃ 
       ᠡᠨᠡ ᠪᠦᠬᠦᠨ ᠢ᠋ ᠰᠠᠩᠵᠢᠳᠠᠯᠪᠢᠴᠣᠢᠵᠠᠮᠰᠤ ᠨᠢᠭᠡ ᠪᠢᠰᠢ ᠤᠳᠠᠭ᠎ᠠ ᠡᠷᠭᠢᠴᠡᠭᠦᠯᠦᠨ ᠪᠣᠳᠣᠭᠰᠠᠨ ᠰᠢᠭ᠋ ᠢ᠋ᠶ᠋ᠡᠨ ᠴᠠᠮᠬᠠᠡᠭ᠌ᠪᠠ ᠳ᠋ᠤ᠌ ᠪᠣᠯᠤᠭᠰᠠᠨ ᠮᠠᠷᠭᠤᠯᠳᠤᠭᠠᠨ ᠤ᠋ ᠳᠠᠷᠠᠭ᠎ᠠ ᠳᠠᠬᠢᠭᠠᠳ ᠯᠠ ᠰᠡᠷᠭᠦᠭᠡᠨ ᠪᠣᠳᠣᠯ᠎ᠠ᠃ ᠪᠠᠭᠰᠢ ᠯᠠᠮᠠ ᠴᠣᠢᠮᠴᠣᠭ ᠭᠡᠯᠦᠩ ᠤᠨ ᠵᠠᠬᠢᠵᠤ ᠦᠯᠡᠳᠡᠭᠡᠭᠰᠡᠨ ᠽᠦᠨ ᠠᠯᠲᠠᠨ ᠤ᠋ ᠲᠠᠯ᠎ᠠ ᠶᠢ ᠰᠤᠷᠠᠭᠯᠠᠬᠤ ᠬᠥᠮᠦᠨ ᠰᠠᠩᠵᠢᠳᠠᠯᠪᠢᠴᠣᠢᠵᠠᠮᠰᠤ ᠶ᠋ᠢ ᠬᠠᠮᠪᠤ ᠶ᠋ᠢᠨ ᠰᠢᠷᠡᠭᠡᠨ ᠳ᠋ᠦ᠍ ᠰᠠᠭᠤᠭᠰᠠᠨ ᠤ᠋ ᠮᠠᠷᠭᠠᠰᠢ ᠯᠠ ᠭᠠᠷᠤᠭᠠᠳ ᠢᠷᠡᠭᠰᠡᠨ ᠶᠦᠮ᠃ ᠬᠤᠷᠠᠯ ᠤᠨ ᠵᠠᠪᠰᠠᠷᠯᠠᠭ᠎ᠠ ᠪᠠᠷ ᠰᠠᠯᠬᠢᠨ ᠳ᠋ᠤ᠌ ᠶᠠᠪᠤᠵᠤ ᠪᠠᠢᠬᠤ ᠳ᠋ᠤ᠌ ᠨᠢ ᠥᠨᠳᠥᠷ ᠰᠠᠢᠬᠠᠨ ᠵᠠᠯᠠᠭᠤ ᠬᠦᠷᠴᠦ ᠢᠷᠡᠭᠡᠳ ᠰᠠᠩᠵᠢ ᠳ᠋ᠤ᠌ ᠬᠠᠨᠳᠤᠨ᠂ 
       - ᠠᠮᠤᠷ ᠢ ᠠᠢᠯᠠᠳᠬᠠᠶ᠎ᠠ! ᠲᠠ ᠴᠣᠢᠮᠴᠣᠭ ᠭᠡᠯᠦᠩ ᠠᠭᠰᠠᠨ ᠤ᠋ ᠱᠠᠪᠢ ᠮᠥᠨ ᠤᠤ? ᠭᠡᠵᠦ ᠠᠰᠠᠭᠤᠵᠤ ᠪᠢᠯᠡ᠃ 
       - ᠲᠡᠢᠮᠦ ᠠ᠋᠃ ᠪᠠᠭᠰᠢ ᠮᠢᠨᠢ ᠪᠠᠢᠭᠰᠠᠨ ᠶᠤᠮ᠃  ᠶᠠᠭᠤ ᠬᠡ ᠪᠣᠢ? ᠭᠡᠵᠦ ᠰᠠᠩᠵᠢ ᠶ᠋ᠢ ᠠᠰᠠᠭᠤᠬᠤ ᠳ᠋ᠤ᠌ ᠲᠡᠷᠡ ᠵᠠᠯᠠᠭᠤ᠂ 
       - ᠲᠠᠨ ᠢ᠋ ᠨᠤᠲᠤᠭ ᠲᠤ᠌ ᠪᠠᠨ ᠡᠷᠭᠢᠵᠦ ᠢᠷᠡᠬᠦ ᠳ᠋ᠦ᠍ ᠬᠦᠦ ᠪᠡᠨ ᠶᠠᠪᠤᠭᠤᠯᠵᠤ ᠰᠤᠷᠠᠭᠯᠠᠭᠤᠯᠵᠤ ᠠᠭᠤᠯᠵᠠᠭᠠᠷᠠᠢ! ᠭᠡᠵᠦ ᠲᠡᠷᠡ ᠬᠥᠮᠦᠨ ᠡᠵᠢ ᠳ᠋ᠦ᠍ ᠮᠢᠨᠢ ᠵᠠᠬᠢᠭᠰᠠᠨ ᠶᠤᠮ ᠭᠡᠨ᠎ᠡ ᠯᠠᠢ᠃ ᠲᠡᠷᠡ ᠶᠣᠰᠣᠭᠠᠷ ᠯᠠ ᠪᠢ ᠲᠠᠨ ᠳᠡᠭᠡᠷ᠎ᠡ ᠢᠷᠡᠯ᠎ᠡ ᠭᠡᠵᠡᠢ᠃ 
       - ᠡᠵᠢ ᠴᠢᠨᠢ ᠬᠡᠨ ᠶᠦᠮ ᠪᠣᠢ? ᠭᠡᠪᠡᠯ᠂ 
       - ᠡᠵᠢ ᠮᠠᠨᠢ ᠤᠷᠵᠢᠨᠤᠨ ᠥᠭᠡᠳᠡ ᠪᠣᠯᠤᠭᠰᠠᠨ! ᠭᠡᠵᠦ ᠵᠠᠯᠠᠭᠤ ᠬᠠᠷᠢᠭᠤᠯᠤᠭᠰᠠᠨ᠃ ᠲᠡᠷᠡ ᠵᠠᠯᠠᠭᠤ ᠲᠠᠢ ᠰᠠᠩᠵᠢ ᠲᠠᠨᠢᠯᠴᠠᠵᠤ᠂ ᠴᠣᠢᠮᠴᠣᠭ ᠪᠠᠭᠰᠢ ᠭᠡᠯᠦᠩ ᠤᠨ ᠢ᠋ᠶ᠋ᠠᠨ ᠥᠭᠭᠦᠭᠰᠡᠨ ᠠᠯᠲᠠᠨ ᠤ᠋ ᠬᠡᠯᠲᠡᠷᠬᠡᠢ ᠶ᠋ᠢ ᠭᠠᠷᠳᠠᠭᠤᠯᠵᠤ ᠰᠠᠨᠠᠭ᠎ᠠ ᠠᠮᠠᠷᠠᠵᠤ ᠪᠢᠯᠡ᠃ ᠪᠠᠭᠰᠢ ᠯᠠᠮᠠ ᠨᠢ ᠮᠥᠨ ᠯᠡ ᠰᠠᠩᠵᠢ  ᠰᠢᠭ᠋ ᠨᠢᠭᠤᠴᠠᠬᠠᠨ ᠠᠮᠠᠷᠠᠭ ᠲᠠᠢ ᠪᠠᠢᠵᠤ᠂ ᠬᠡᠦᠬᠡᠳ ᠲᠠᠢ ᠪᠣᠯᠤᠭᠰᠠᠨ ᠳ᠋ᠤ᠌ ᠪᠠᠨ ᠭᠡᠮᠰᠢᠵᠦ᠂ ᠨᠢᠭᠦᠯ ᠠᠯᠳᠠᠰ ᠪᠣᠯᠪᠠ ᠭᠡᠮᠡᠨ ᠰᠢᠨᠠᠯᠵᠤ ᠶᠠᠪᠤᠵᠠᠢ᠃  ᠲᠡᠶᠢᠨᠬᠦ ᠵᠤᠯᠠ ᠶ᠋ᠢᠨ ᠭᠣᠣᠯ ᠪᠣᠯᠤᠨ ᠨᠠᠰᠤᠨ ᠬᠤᠲᠤᠭ ᠪᠣᠯᠵᠠᠢ᠃ ᠭᠡᠪᠡᠴᠦ ᠰᠠᠩᠵᠢ ᠲᠡᠷᠡ ᠵᠠᠮ ᠢᠶᠠᠷ ᠶᠠᠪᠤᠬᠤ ᠦᠭᠡᠢ᠃ ᠰᠠᠩᠵᠢ ᠱᠠᠰᠢᠨ ᠤ᠋ ᠦᠯᠢᠭᠡᠷ ᠤᠨ ᠰᠢᠷ᠎ᠠ ᠶᠢᠷᠲᠢᠨᠴᠦ ᠡᠴᠡ ᠠᠬᠤᠢ ᠠᠮᠢᠳᠤᠷᠠᠯ ᠤᠨ ᠨᠣᠭᠣᠭᠠᠨ ᠵᠦᠯᠭᠡᠨ ᠳ᠋ᠦ᠍ ᠰᠢᠯᠵᠢᠬᠦ ᠶᠣᠰᠣᠲᠠᠢ᠃ ᠠᠮᠢᠳᠤᠷᠠᠯ ᠳ᠋ᠤ᠌ ᠨᠢ ᠲᠣᠬᠢᠶᠠᠯᠳᠤᠵᠤ ᠪᠠᠢᠭᠰᠠᠨ ᠶᠠᠭᠤᠮ᠎ᠠ ᠪᠦᠬᠦᠨ ᠡᠨᠡ ᠰᠢᠯᠵᠢᠯᠲᠡ ᠶ᠋ᠢ ᠪᠡᠯᠡᠳᠬᠡᠬᠦ ᠳ᠋ᠦ᠍ ᠲᠤᠰᠠᠯᠠᠭᠰᠠᠨ᠃ ᠫᠠᠭ᠍ᠪᠣᠡᠭ ᠬᠠ ᠶ᠋ᠢ ᠲᠣᠭᠣᠷᠢᠨ ᠭᠣᠷᠣᠭ᠎ᠠ ᠬᠢᠬᠦ ᠳᠤ ᠪᠠᠨ ᠴᠦ᠍᠂ ᡀᠠᠰᠠ ᠶ᠋ᠢᠨ ᠱᠣᠷᠣᠩ ᠳᠦ ᠰᠠᠭᠤᠵᠤ ᠪᠠᠢᠬᠤ ᠳᠦ ᠪᠡᠨ ᠴᠦ᠍᠂ ᠪᠡᠷᠢᠮᠦᠭ ᠡᠮᠡᠭᠡᠨ ᠦ ᠠᠰᠠᠷᠠᠮᠵᠢ ᠳ᠋ᠤ᠌ ᠠᠮᠢᠳᠤᠷᠠᠬᠤ ᠳᠦ ᠪᠡᠨ ᠴᠦ᠍᠂ ᠥᠯᠵᠡᠶᠢᠲᠦ ᠪᠠᠳᠠᠷᠴᠢᠨ ᠤ᠋ ᠦᠭᠡᠯᠡᠭᠡ ᠶᠠᠷᠢᠭ᠎ᠠ ᠶ᠋ᠢ ᠰᠣᠨᠣᠰᠬᠤ ᠳ᠋ᠤ᠌ ᠪᠠᠨ ᠴᠦ᠍᠂ ᠨᠣᠮ ᠡᠷᠳᠡᠮ ᠢᠯᠡᠭᠦᠦ ᠰᠤᠷᠴᠢᠬᠠᠯ᠎ᠠ ᠭᠡᠳ ᠰᠡᠯᠡᠮᠡᠳᠡᠨ ᠬᠣᠷᠣᠭᠠᠬᠤ ᠪᠠᠷ ᠰᠥᠨᠢ ᠳᠥᠯᠥ ᠪᠡᠷ ᠭᠡᠷ ᠳᠤ ᠨᠢ ᠣᠷᠣᠵᠤ ᠢᠷᠡᠭᠰᠡᠨ ᠴᠣᠭᠰᠣᠩ ᠤᠨ ᠵᠠᠨᠤᠯᠲᠤ ᠴᠢᠷᠠᠢ ᠶ᠋ᠢ ᠬᠥᠰᠢᠭᠡᠨ ᠦ ᠴᠣᠭᠣᠷᠠᠬᠠᠢ ᠪᠠᠷ ᠠᠵᠢᠵᠤ ᠰᠠᠭᠤᠬᠤ ᠳᠦ ᠪᠡᠨ ᠴᠦ᠍᠂ ᠠᠨᠢᠭ ᠭᠣᠮᠪᠣ ᠶᠢᠨ ᠭᠡᠯᠦᠩᠮ᠎ᠡ ᠨᠤᠭᠤᠳ ᠲᠤ᠌ ᠨᠦᠳᠦᠭᠦᠯᠵᠦ ᠠᠮᠢ ᠠᠯᠳᠠᠭᠰᠠᠨ ᠪᠠᠳᠢᠷᠴᠢᠨ ᠨᠥᠬᠥᠷ ᠡᠴᠡ ᠪᠡᠨ ᠬᠠᠭᠠᠴᠠᠬᠤ ᠦᠶ᠎ᠡ ᠳᠡᠬᠡᠨ ᠴᠦ᠍ ᠨᠢᠭᠦᠯ ᠪᠤᠶᠠᠨ ᠤ᠋ ᠮᠥᠨ ᠴᠢᠨᠠᠷ ᠢ᠋ ᠰᠠᠶᠢᠨ ᠤᠬᠠᠭᠠᠷᠠᠵᠠᠢ᠃ ᠪᠤᠷᠬᠠᠨ ᠱᠠᠵᠢᠨ ᠤ᠋ ᠰᠤᠷᠭᠠᠯ ᠨᠣᠮᠯᠠᠯ᠂ ᠲᠡᠭᠦᠨ ᠦ᠌ ᠵᠠᠩ ᠦᠢᠯᠡ ᠨᠢ ᠦᠨᠡᠨ ᠬᠡᠷᠡᠭ ᠲᠡᠭᠡᠨ ᠰᠣᠨᠢᠷᠬᠠᠯᠲᠠᠢ ᠪᠣᠳᠣᠵᠤ ᠵᠣᠬᠢᠶᠠᠭᠰᠠᠨ ᠦᠯᠢᠭᠡᠷ ᠶᠦᠮ ᠭᠡᠳᠡᠭ ᠢ᠋ ᠰᠠᠨᠵᠢᠳᠠᠯᠪᠢᠴᠣᠶᠢᠵᠠᠮᠰᠤ ᠣᠳᠣ ᠨᠢᠭᠡᠨᠲᠡ ᠤᠬᠠᠭᠠᠷᠠᠵᠠᠢ᠃ ᠲᠡᠷᠡ ᠦᠯᠢᠭᠡᠷ ᠲᠤ ᠦᠨᠡᠮᠰᠢᠯᠲᠡᠢ ᠪᠠᠢᠯᠭᠠᠬᠤ ᠶ᠋ᠢᠨ ᠲᠤᠯᠠᠳᠠ ᠬᠡᠳᠦᠨ ᠲᠦᠮᠡᠨ ᠯᠠᠮᠠ ᠨᠠᠷ ᠦᠶ᠎ᠡ ᠵᠠᠯᠭᠠᠮᠵᠢᠯᠠᠨ ᠡᠳᠦᠢ ᠲᠡᠳᠦᠢ ᠴᠠᠮᠢᠨ ᠰᠣᠨᠢᠨ ᠠᠷᠭ᠎ᠠ ᠰᠢᠷᠬᠡ ᠶ᠋ᠢ ᠪᠣᠳᠣᠵᠤ ᠣᠯᠤᠭᠠᠳ ᠠᠮᠢᠳᠤᠷᠠᠯ ᠳ᠋ᠤ᠌ ᠨᠡᠪᠲᠡᠷᠡᠭᠦᠯᠵᠡᠢ᠃ 
       ᠰᠠᠩᠵᠢᠳᠠᠯᠪᠢᠴᠣᠢᠵᠠᠮᠰᠤ ᠣᠳᠣ ᠲᠡᠷᠡ ᠬᠦ ᠣᠯᠢᠭ ᠪᠣᠯᠤᠭᠰᠠᠨ ᠦᠯᠢᠭᠡᠷ ᠤᠨ ᠣᠷᠣᠨ ᠢ᠋ ᠲᠣᠭᠣᠷᠢᠨ ᠭᠠᠷᠴᠤ ᠪᠣᠳᠠᠲᠠᠢ ᠪᠠᠷ ᠣᠷᠣᠰᠢᠨ ᠪᠠᠢᠳᠠᠭ ᠬᠥᠮᠦᠨ ᠶᠣᠰᠣᠨ ᠤ᠋ ᠠᠮᠢᠳᠤᠷᠠᠯ ᠳ᠋ᠤ᠌ ᠨᠡᠪᠲᠡᠷᠡᠨ ᠣᠷᠣᠬᠤ ᠶ᠋ᠢ ᠬᠦᠰᠡᠵᠦ ᠪᠠᠢᠪᠠ᠃ 
       ᠣᠳᠣ ᠲᠡᠭᠦᠨ ᠦ᠌ ᠰᠡᠳᠬᠢᠯ ᠳ᠋ᠦ᠍ ᠲᠢᠲᠢᠮᠯᠡᠭᠰᠡᠨ ᠳᠡᠭᠡᠷ᠎ᠡ ᠦᠭᠡᠢ ᠳᠡᠭᠡᠳᠦ ᠪᠤᠷᠬᠠᠨ ᠬᠠᠮᠤᠭ ᠢ᠋ ᠠᠢᠯᠠᠳᠣᠭᠴᠢ᠂ ᠪᠤᠶᠠᠨ ᠢ᠋ ᠰᠠᠴᠤᠷᠠᠭᠤᠯᠤᠭᠴᠢ᠂ ᠪᠦᠬᠦᠨ ᠢ᠋ ᠡᠷᠬᠡᠨ ᠳ᠋ᠦ᠍ ᠪᠡᠨ ᠬᠤᠷᠢᠶᠠᠭᠴᠢ ᠭᠡᠭᠳᠡᠭᠰᠡᠨ ᠪᠤᠷᠬᠠᠳ ᠤ᠋ᠨ ᠦᠷ᠎ᠡ ᠪᠢᠰᠢ ᠬᠠᠷᠢᠨ ᠦᠷ᠎ᠡ ᠲᠠᠢ ᠪᠣᠯᠬᠤ ᠶᠢᠨ ᠮᠥᠷᠥᠭᠡᠳᠦᠯ ᠳᠤ ᠠᠪᠲᠠᠭᠳᠠᠭᠰᠠᠨ ᠶᠠᠳᠠᠭᠤ ᠪᠠᠭᠤᠷᠠᠢ ᠮᠥᠷᠲᠡᠯ᠎ᠡ ᠵᠥᠭᠡᠯᠡᠨ ᠬᠤᠷ᠎ᠠ ᠶ᠋ᠢᠨ ᠳᠤᠰᠤᠯ ᠰᠢᠭ᠋ ᠡᠯᠢᠭᠡ ᠳᠡᠪᠲᠦᠭᠡᠮ᠎ᠡ ᠵᠠᠩ ᠲᠠᠢ ᠣᠳᠬᠣᠨ ᠬᠡᠦᠬᠡᠨ ᠦ᠌ ᠳᠦᠷᠢ ᠡᠳᠦᠷ᠂ ᠴᠠᠭ ᠪᠦᠷᠢ ᠳᠦ ᠨᠢᠳᠦᠨ ᠦ᠌ ᠡᠮᠦᠨ᠎ᠡ ᠪᠣᠳᠠᠲᠠᠢ ᠲᠣᠳᠣᠷᠬᠠᠢ ᠬᠠᠷᠠᠭᠳᠠᠭᠰᠠᠭᠠᠷ ᠪᠠᠢᠬᠤ ᠪᠣᠯᠵᠠᠢ᠃ ᠲᠡᠷᠡ ᠯᠠ ᠲᠡᠭᠦᠨ ᠦ᠌ ᠰᠡᠳᠬᠢᠯ ᠦ᠋ᠨ ᠪᠤᠷᠬᠠᠨ ᠪᠣᠯᠵᠠᠢ᠃ 
       ᠪᠤᠶᠠᠨᠵᠠᠯᠪᠠᠷᠢᠬᠤ ᠬᠡᠢᠳ ᠲᠤ ᠪᠣᠢ ᠪᠣᠯᠤᠭᠰᠠᠨ ᠲᠦᠩᠰᠦᠭᠡᠷ ᠪᠠᠢᠳᠠᠯ ᠬᠡᠪ ᠭᠡᠨᠡᠳᠲᠡ ᠥᠭᠡᠷᠡᠴᠢᠯᠡᠭᠳᠡᠯ᠎ᠡ᠃ ᠨᠠᠮᠤᠷ ᠤᠨ ᠳᠤᠯᠠᠭᠠᠬᠠᠨ ᠨᠢᠭᠡ ᠡᠳᠦᠷ ᠪᠣᠭᠳᠠ ᠡᠵᠡᠨ ᠦ᠌ ᠵᠠᠷᠤᠵᠤ ᠢᠯᠡᠭᠡᠭᠰᠡᠨ ᠪᠠᠨᠳᠢᠳᠠ ᠬᠠᠮᠪᠤ ᠪᠠᠷ᠎ᠠ ᠪᠣᠯᠤᠭᠴᠢᠳ ᠤ᠋ᠨ ᠬᠠᠮᠲᠤ ᠪᠡᠷ ᠵᠠᠰᠠᠭᠲᠤ ᠬᠠᠭᠠᠨ ᠤ᠋ ᠬᠦᠷᠢᠶᠡᠨ ᠦ᠌ ᠵᠠᠰᠠᠭ ᠯᠠᠮᠠ ᠶ᠋ᠢ ᠳᠠᠭᠠᠭᠤᠯᠤᠨ ᠬᠦᠷᠦᠯᠴᠡᠨ ᠢᠷᠡᠯ᠎ᠡ᠃ ᠪᠤᠶᠠᠨᠵᠠᠯᠪᠠᠷᠢᠬᠤ ᠬᠡᠢᠳ ᠤᠨ ᠬᠠᠮᠪᠤ ᠯᠠᠮᠠ ᠶᠢᠨ ᠪᠤᠷᠤᠭᠤ ᠳᠠᠪᠠᠭ᠎ᠠ ᠪᠠᠷ ᠣᠷᠣᠭᠰᠠᠨ ᠬᠡᠷᠡᠭ ᠶᠠᠪᠤᠳᠠᠯ ᠤ᠋ᠨ ᠬᠠᠷ᠎ᠠ ᠴᠠᠭᠠᠨ ᠢ᠋ ᠢᠯᠭᠠᠷᠠᠭᠤᠯᠬᠤ ᠪᠠᠷ ᠢᠷᠡᠵᠡᠢ᠃ 
       ᠲᠡᠳᠡ ᠪᠤᠶᠠᠨᠵᠠᠯᠪᠠᠷᠢᠬᠤ ᠬᠡᠢᠳ ᠤᠨ ᠲᠣᠮᠣ ᠯᠠᠮᠠ ᠨᠠᠷ ᠤᠨ ᠴᠤᠭᠯᠠᠷᠠᠨ ᠵᠥᠪᠯᠡᠬᠦ ᠪᠣᠡᠭ᠌ᠰᠣᠤᠬᠠᠮᠪᠠ ᠥᠷᠥᠭᠡᠨ ᠳ᠋ᠦ᠍ ᠣᠷᠣᠵᠠᠭᠠᠵᠠᠢ᠃ ᠰᠠᠩᠵᠢᠳᠠᠯᠪᠢᠴᠣᠢᠵᠠᠮᠰᠤ ᠶᠢ ᠬᠦᠯᠢᠶᠡᠬᠦ ᠥᠷᠭᠥᠭᠡ ᠪᠤᠶᠤ ᠴᠠᠭᠰᠠᠬᠠᠮᠪᠠ ᠳ᠋ᠤ᠌ ᠭᠠᠭᠴᠠᠭᠠᠷ ᠢ ᠰᠠᠭᠤᠯᠭᠠᠯ᠎ᠠ᠃ ᠪᠤᠰᠤᠳ ᠪᠠᠭᠲᠠᠭ᠎ᠠ ᠦᠭᠡᠢ ᠬᠡᠷᠭᠡᠮᠲᠡᠨ ᠨᠦ᠍ᠭᠦᠳ ᠴᠠᠮᠬᠠᠩᠪᠠ ᠥᠷᠥᠭᠡᠨ ᠳ᠋ᠦ᠍ ᠣᠷᠣᠵᠠᠭᠠᠯ᠎ᠠ᠃ 
       ᠪᠠᠨᠳᠢᠳᠠ ᠬᠠᠮᠪᠤ ᠳ᠋ᠤ᠌ ᠪᠤᠶᠠᠨᠵᠠᠯᠪᠠᠷᠢᠬᠤ ᠬᠡᠢᠳ ᠦᠨ ᠰᠢᠷᠡᠭᠡᠲᠦ ᠡᠴᠡ ᠡᠬᠢᠯᠡᠭᠡᠳ ᠭᠡᠯᠦᠩ᠂ ᠭᠡᠰᠦᠯ᠂ ᠭᠠᠪᠵᠤ᠂ ᠭᠡᠪᠬᠦᠢ ᠨᠠᠷ ᠰᠠᠩᠵᠢᠳᠠᠯᠪᠢᠴᠣᠢᠵᠠᠮᠰᠤ ᠬᠠᠮᠪᠤ ᠶᠢᠨ ᠲᠠᠩᠭᠠᠷᠢᠭ ᠪᠠᠭᠤᠷᠠᠵᠤ᠂ ᠪᠤᠷᠤᠭᠤ ᠳᠠᠪᠠᠭ᠎ᠠ ᠪᠠᠷ ᠣᠷᠣᠭᠰᠠᠨ ᠲᠤᠬᠠᠢ ᠶᠢ ᠲᠠᠯ᠎ᠠ ᠪᠦᠷᠢ ᠪᠡᠷ ᠨᠤᠲᠠᠯᠠᠨ ᠶᠠᠷᠢᠵᠤ ᠤᠳᠠᠭᠠᠨ ᠬᠤᠭᠤᠴᠠᠭ᠎ᠠ ᠪᠠᠷ ᠰᠠᠭᠤᠵᠠᠭᠠᠯ᠎ᠠ᠃ ᠲᠡᠳᠡᠨ ᠦ᠌ ᠬᠣᠭᠣᠷᠣᠨᠳᠣ ᠮᠠᠷᠭᠤᠭᠠᠨ ᠡᠭᠦᠰᠴᠡᠢ᠃ ᠵᠠᠷᠢᠮ ᠬᠥᠮᠦᠨ ᠰᠠᠩᠵᠢᠳᠠᠯᠪᠢᠴᠣᠢᠵᠠᠮᠰᠤ ᠶᠢ ᠥᠮᠥᠭᠡᠷᠡᠬᠦ ᠲᠥᠯᠥᠪ ᠭᠠᠷᠤᠭᠰᠠᠨ ᠠ᠋ᠴᠠ ᠮᠠᠷᠭᠤᠭᠠᠨ ᠳᠡᠭᠳᠡᠵᠡᠢ᠃ ᠨᠣᠮ ᠤᠨ ᠴᠢᠨᠠᠳᠤ ᠤᠳᠬ᠎ᠠ ᠳ᠋ᠤ᠌ ᠨᠡᠪᠲᠡᠷᠡᠭᠰᠡᠨ ᠵᠠᠷᠢᠮ ᠬᠥᠮᠦᠨ ᠦ᠌ ᠬᠡᠯᠡᠳᠡᠭ ᠯᠡ ᠦᠭᠡ ᠶ᠋ᠢ ᠰᠠᠩᠵᠢᠳᠠᠯᠪᠢᠴᠣᠢᠵᠠᠮᠰᠤ ᠬᠡᠯᠡᠵᠡᠢ᠃ ᠭᠡᠬᠦ ᠳᠦ ᠪᠡᠨ ᠰᠦᠵᠢᠭᠲᠡᠨ ᠦ᠌ ᠡᠮᠦᠨ᠎ᠡ ᠪᠢᠰᠢ ᠭᠠᠪᠵᠢ ᠡᠴᠡ ᠳᠣᠭᠣᠭᠰᠢ ᠥᠬᠡᠢ ᠬᠡᠮᠵᠢᠶᠡᠨ ᠦ᠌ ᠯᠠᠮᠠ ᠨᠠᠷ ᠤᠨ ᠳᠤᠮᠳᠠ ᠶᠠᠷᠢᠵᠠᠢ ᠭᠡᠵᠦ ᠬᠥᠩᠭᠡᠯᠡᠬᠦ ᠲᠠᠯ᠎ᠠ ᠭᠠᠷᠪᠠ᠃ ᠬᠠᠷᠢᠨ ᠡᠬᠡᠨᠡᠷ ᠲᠤ ᠲᠠᠴᠢᠶᠠᠭᠰᠠᠨ ᠨᠢᠭᠦᠯ ᠢ ᠥᠮᠥᠭᠡᠷᠡᠬᠦ ᠬᠥᠮᠦᠨ ᠭᠠᠷᠤᠭᠰᠠᠠ ᠦᠭᠡᠢ᠃ 
       - ᠬᠠᠷ᠎ᠠ᠂ ᠴᠠᠭᠠᠨ ᠳ᠋ᠤ᠌ ᠪᠠᠨ ᠬᠦᠷᠪᠡᠯ ᠵᠣᠬᠢᠨ᠎ᠠ ᠭᠡᠵᠦ ᠪᠠᠨᠳᠢᠳᠠ ᠬᠠᠮᠪᠤ ᠰᠢᠢᠳᠴᠡᠢ᠃ ᠲᠡᠷᠡ ᠳᠠᠷᠤᠢ ᠲᠣᠭᠣᠭ᠎ᠠ ᠲᠠᠢ ᠪᠤᠴᠠᠯᠤᠮ᠎ᠠ ᠤᠰᠤ ᠠᠪᠴᠤ ᠢᠷᠡᠵᠡᠭᠡᠯ᠎ᠡ᠃ ᠳᠣᠲᠣᠷ᠎ᠠ ᠨᠢ ᠬᠠᠷ᠎ᠠ ᠴᠠᠭᠠᠨ ᠬᠣᠶᠠᠷ ᠠᠳᠠᠯᠢᠬᠠᠨ ᠴᠢᠯᠠᠭᠤ ᠬᠢᠯ᠎ᠡ᠃ ᠲᠡᠭᠡᠭᠡᠳ ᠰᠠᠩᠵᠢᠳᠠᠯᠪᠢᠴᠣᠢᠵᠠᠮᠰᠤ ᠬᠠᠮᠪᠤ ᠶᠢ ᠳᠠᠭᠤᠳᠠᠨ ᠣᠷᠣᠭᠤᠯᠤᠭᠠᠳ ᠬᠠᠨᠴᠤᠢ ᠶᠢ ᠨᠢ ᠰᠢᠮᠠᠯᠠᠭᠤᠯᠤᠭᠰᠠ ᠳᠠᠷᠠᠭ᠎ᠠ᠂ 
       - ᠠᠪ! ᠭᠡᠵᠦ ᠪᠠᠨᠳᠢᠳᠠ ᠬᠠᠮᠪᠤ ᠲᠤᠰᠢᠶᠠᠯ᠎ᠠ᠃ ᠰᠠᠩᠵᠢ ᠪᠤᠴᠠᠯᠤᠮ᠎ᠠ ᠬᠠᠯᠠᠭᠤᠨ ᠤᠰᠤ ᠲᠠᠢ ᠲᠣᠭᠣᠭ᠎ᠠ ᠤᠷᠤᠭᠤ ᠭᠠᠷ ᠢᠶᠠᠨ ᠲᠥᠷᠥᠵᠦ ᠢᠷᠣᠭᠠᠷ ᠲᠤ᠌ ᠨᠢ ᠲᠣᠬᠢᠶᠠᠯᠳᠤᠭᠰᠠᠨ ᠨᠢᠭᠡ ᠴᠢᠯᠠᠭᠤ ᠶ᠋ᠢ ᠠᠳᠬᠤᠨ ᠭᠠᠷᠭᠠᠵᠤ ᠢᠷᠡᠯ᠎ᠡ᠃ ᠬᠠᠷ᠎ᠠ ᠴᠢᠯᠠᠭᠤ ᠪᠠᠢᠯ᠎ᠠ! ᠲᠡᠭᠦᠨ ᠢ᠋ ᠬᠠᠷᠠᠮᠠᠭᠴᠠ ᠪᠠᠨ ᠳᠡᠮᠴᠦᠭ ᠭᠠᠪᠵᠤ ᠳᠡᠴᠢᠨ ᠤᠮᠵᠠᠳ ᠬᠣᠶᠠᠷ ᠪᠠᠶᠠᠷᠯᠠᠨ ᠢᠨᠢᠶᠡᠮᠰᠦᠭᠯᠡᠬᠦ ᠨᠢ ᠢᠯᠡᠳᠲᠡ ᠪᠠᠢᠯ᠎ᠠ᠃ ᠪᠦᠬᠦ ᠶᠠᠭᠤᠮ᠎ᠠ ᠡᠭᠦᠪᠡᠷ ᠰᠢᠢᠳᠦᠭᠳᠡᠯ᠎ᠡ᠃ ᠬᠠᠷ᠎ᠠ ᠨᠢᠭᠦᠯ ᠢᠶᠠᠨ ᠲᠡᠷᠡ ᠴᠢᠯᠠᠭᠤ ᠪᠡᠷ ᠢᠯᠡᠴᠢᠯᠡᠭᠰᠡᠨ ᠳ᠋ᠦ᠍ ᠲᠣᠭᠠᠴᠠᠪᠠ᠃ 
       - ᠪᠤᠶᠠᠨᠵᠠᠯᠪᠠᠷᠢᠬᠤ ᠬᠡᠢᠳ ᠤᠨ ᠬᠠᠮᠪᠤ ᠯᠠᠮᠠ ᠰᠠᠩᠵᠢᠳᠠᠯᠪᠢᠴᠣᠢᠵᠠᠮᠰᠤ ᠲᠠᠨ ᠤ᠋ ᠲᠠᠩᠭᠠᠷᠢᠭ ᠪᠠᠭᠤᠷᠠᠵᠤ ᠪᠤᠷᠤᠭᠤ ᠳᠠᠪᠠᠭ᠎ᠠ ᠪᠠᠷ ᠣᠷᠣᠭᠰᠠᠨ ᠨᠢ ᠢᠯᠡᠷᠬᠡᠢ ᠪᠣᠯᠤᠭᠠᠳ ᠪᠠᠢᠨ᠎ᠠ᠃ ᠣᠯᠠᠨ ᠳᠠᠶᠠᠭᠠᠷ ᠶᠠᠷᠢᠭᠳᠠᠬᠤ ᠪᠣᠯᠵᠠᠢ᠃ ᠰᠠᠶᠢ ᠬᠠᠷ᠎ᠠ ᠴᠠᠭᠠᠨ ᠳ᠋ᠤ᠌ ᠪᠠᠨ ᠬᠦᠷᠴᠦ ᠲᠠ ᠥᠪᠡᠷ ᠤᠨ ᠭᠠᠷ ᠢᠶᠠᠷ ᠬᠠᠷ᠎ᠠ ᠴᠢᠯᠠᠭᠤ ᠠᠳᠬᠤᠨ ᠭᠠᠷᠭᠠᠯ᠎ᠠ᠃ ᠣᠳᠣ ᠲᠡᠭᠡᠬᠦ ᠪᠡᠷ ᠬᠣᠶᠠᠷᠬᠠᠨ ᠵᠠᠮ ᠪᠠᠢᠨ᠎ᠠ! ᠭᠡᠵᠦ ᠪᠠᠨᠳᠢᠳᠠ ᠬᠠᠮᠪᠤ ᠰᠠᠨᠠᠭᠤᠯᠤᠨ ᠬᠡᠯᠡᠭᠰᠡᠨ ᠢᠶᠠᠨ ᠲᠦᠷ ᠳᠤᠭᠤᠢ ᠪᠣᠯᠵᠤ ᠰᠠᠩᠵᠢ ᠶ᠋ᠢᠨ ᠴᠢᠷᠠᠢ ᠶᠢ ᠠᠵᠢᠭᠯᠠᠭᠠᠳ᠂ 
       - ᠨᠢᠭᠡ ᠪᠣᠯ ᠵᠠᠩᠴᠢ ᠠᠷᠠᠯᠵᠢᠬᠤ᠂ ᠨᠥᠭᠦᠭᠡ ᠪᠣᠯ ᠰᠢᠷ᠎ᠠ ᠰᠢᠪᠲᠤᠯᠬᠤ᠂ ᠡᠨᠡ ᠬᠣᠶᠠᠷ ᠠᠴᠠ ᠥᠭᠡᠷ᠎ᠡ ᠵᠠᠮ ᠠᠯᠠᠭ᠎ᠠ᠃ ᠨᠢᠭᠦᠯ ᠢ᠋ᠶ᠋ᠡᠨ ᠰᠠᠢᠲᠤᠷ ᠨᠠᠮᠠᠨᠴᠢᠯᠠᠨ ᠵᠠᠩᠴᠢ ᠠᠷᠠᠯᠵᠢᠪᠠᠰᠤ ᠢᠯᠡᠭᠦᠦ ᠰᠠᠢᠨ ᠲᠥᠷᠥᠯ ᠳ᠋ᠦ᠍ ᠳᠠᠬᠢᠨ ᠲᠥᠷᠥᠵᠦ ᠪᠣᠯᠤᠨ᠎ᠠ᠃ ᠰᠢᠷ᠎ᠠ ᠰᠢᠪᠲᠤᠯᠬᠤ ᠪᠣᠯ ᠳᠠᠬᠢᠭᠠᠳ ᠣᠷᠣᠨ ᠬᠡᠢᠳ ᠦ᠋ᠨ ᠪᠠᠷ᠎ᠠ ᠬᠠᠷᠠᠬᠤ ᠡᠷᠬᠡ ᠦᠭᠡᠢ ᠪᠡᠷ ᠰᠢᠷ᠎ᠠ ᠰᠢᠪᠲᠤᠯᠤᠨ᠎ᠠ᠃ ᠠᠯᠢ ᠶ᠋ᠢ ᠨᠢ ᠪᠣᠯᠭᠣᠭᠠᠬᠤ ᠰᠠᠨ ᠪᠣᠯ?  ᠭᠡᠪᠡ᠃ 
       ᠰᠠᠩᠵᠢᠳᠠᠯᠪᠢᠴᠣᠢᠵᠠᠮᠰᠤ ᠡᠨᠡ ᠬᠣᠶᠠᠷ ᠵᠠᠮ ᠤᠨ ᠶᠠᠭᠤᠨ ᠤᠳᠬ᠎ᠠ ᠲᠠᠢ ᠪᠣᠯᠬᠤ ᠶᠢ ᠰᠠᠢᠨ ᠮᠡᠳᠡᠵᠦ ᠪᠠᠢᠯ᠎ᠠ᠃ ᠵᠠᠩᠴᠢ ᠠᠷᠠᠯᠵᠢᠨ᠎ᠠ ᠭᠡᠳᠡᠭ ᠨᠢ ᠲᠥᠷᠥᠯ ᠠᠷᠠᠯᠵᠢᠬᠤ ᠭᠡᠰᠡᠨ ᠲᠡᠢ ᠢᠵᠢᠯ ᠶᠠᠭᠤᠮ᠎ᠠ᠃ ᠶᠠᠮᠠᠷ ᠨᠢᠭᠡ ᠬᠡᠯᠪᠡᠷᠢ ᠪᠡᠷ ᠠᠮᠢ ᠨᠠᠰᠤ ᠪᠠᠨ ᠬᠣᠷᠣᠭᠠᠬᠤ ᠶ᠋ᠢᠨ ᠨᠡᠷ᠎ᠡ᠃ ᠬᠠᠮᠤᠭ ᠤ᠋ᠨ ᠬᠦᠨᠳᠦ ᠲᠠᠢ ᠳᠡᠭᠡᠳᠦ ᠬᠡᠯᠪᠡᠷᠢ ᠪᠡᠷ ᠨᠢ ᠰᠠᠩᠵᠢ ᠶ᠋ᠢᠨ ᠪᠠᠭᠰᠢ ᠴᠣᠢᠮᠴᠣᠭ ᠭᠡᠯᠦᠩ ᡀᠠᠰᠠ ᠵᠣᠣ ᠳ᠋ᠤ᠌ ᠣᠴᠢᠵᠤ ᠵᠠᠩᠴᠢ ᠠᠷᠠᠯᠵᠢᠭᠰᠠᠨ ᠪᠢᠯᠡ᠃ ᠰᠠᠩᠵᠢᠳᠠᠯᠪᠢᠴᠣᠢᠵᠠᠮᠰᠤ ᠲᠥᠷᠥᠯ ᠠᠷᠠᠯᠵᠢᠬᠤ ᠶ᠋ᠢ ᠬᠦᠰᠡᠬᠦ ᠦᠭᠡᠢ ᠪᠠᠢᠯ᠎ᠠ᠃ ᠲᠡᠷᠡ ᠠᠮᠢᠳᠤᠷᠠᠬᠤ ᠶᠢ᠂ ᠬᠥᠮᠦᠨ ᠦ᠌ ᠶᠣᠰᠣᠭᠠᠷ ᠠᠮᠢᠳᠤᠷᠠᠬᠤ ᠶ᠋ᠢ ᠮᠥᠷᠥᠭᠡᠳᠴᠦ ᠪᠠᠢᠯ᠎ᠠ᠃ ᠭᠡᠲᠡᠯ᠎ᠡ ᠪᠤᠶᠠᠨᠵᠠᠯᠪᠠᠷᠢᠬᠤ ᠶᠢᠨ ᠭᠢᠷᠭᠠᠴᠤᠳ ᠶᠠᠭ ᠯᠠ ᠵᠠᠩᠴᠢ ᠠᠷᠠᠯᠵᠢᠬᠤ ᠵᠠᠮ ᠢᠶᠠᠷ ᠰᠠᠩᠵᠢ ᠶ᠋ᠢ ᠶᠠᠪᠤᠭᠤᠯᠬᠤ ᠬᠦᠰᠡᠯ ᠲᠡᠢ ᠪᠠᠢᠵᠠᠢ᠃ ᠠᠮᠢᠳᠤ ᠶᠠᠪᠤᠬᠤ ᠡᠴᠡ ᠨᠢ ᠠᠶᠤᠵᠤ ᠪᠠᠢᠵᠠᠢ᠃ 
       - ᠰᠢᠷ᠎ᠠ ᠰᠢᠪᠲᠤᠯᠬᠤ ᠤᠤ ᠳᠠ? ᠭᠡᠵᠦ ᠰᠠᠩᠵᠢᠳᠠᠯᠪᠢᠴᠣᠢᠵᠠᠮᠰᠤ ᠰᠢᠢᠳᠮᠡᠭᠡᠢᠬᠡᠨ ᠬᠡᠯᠡᠯ᠎ᠡ᠃ 
       - ᠲᠡᠭᠡᠪᠡᠯ ᠪᠣᠯᠤᠨ᠎ᠠ᠃ ᠭᠡᠪᠡᠴᠦ ᠣᠷᠣᠨ ᠬᠡᠢᠳ ᠤᠨ ᠪᠠᠷ᠎ᠠ ᠳᠠᠬᠢᠨ ᠬᠠᠷᠠᠬᠤ ᠦᠭᠡᠢ ᠪᠡᠷ ᠰᠢᠷ᠎ᠠ ᠰᠢᠪᠲᠤᠯᠬᠤ ᠤᠴᠢᠷ ᠲᠠᠢ ᠰᠢᠦ ᠳᠡ! ᠭᠡᠵᠦ ᠵᠠᠰᠠᠭ ᠯᠠᠮᠠ ᠰᠠᠨᠠᠭᠤᠯᠬᠤ ᠳ᠋ᠤ᠌ ᠰᠠᠩᠵᠢ ᠳᠠᠭᠤ ᠦᠭᠡᠢ ᠪᠠᠢᠯ᠎ᠠ᠃ ᠲᠡᠷᠡ ᠨᠢ ᠬᠣᠯᠠ ᠭᠠᠵᠠᠷ᠂ ᠯᠠᠮᠠ ᠬᠤᠸᠠᠷᠠᠭ᠂ ᠰᠦᠮ᠎ᠡ ᠳᠤᠭᠠᠩ ᠦᠭᠡᠢ ᠭᠠᠵᠠᠷ ᠴᠥᠯᠡᠨ᠎ᠡ ᠭᠡᠰᠡᠨ ᠤᠳᠬ᠎ᠠ ᠲᠠᠢ ᠶᠢ ᠴᠦ᠍ ᠣᠢᠯᠠᠭᠠᠵᠤ ᠪᠠᠢᠯ᠎ᠠ᠃ 《ᠶᠠᠭᠠᠬᠢᠬᠤ ᠪᠣᠢ᠃ ᠤᠳᠬᠤᠨ ᠢ᠋ ᠠᠪᠤᠭᠠᠳ ᠶᠠᠪᠤᠨ᠎ᠠ᠃ ᠤᠳᠬᠤᠨ ᠲᠠᠢ ᠪᠠᠢᠭᠰᠠᠨ ᠴᠠᠭ ᠲᠤ᠌ ᠬᠠᠮᠢᠭ᠎ᠠ ᠴᠦ᠍ ᠴᠥᠯᠡᠭᠳᠡᠭᠰᠡᠨ ᠬᠠᠮᠢᠶ᠎ᠠ ᠦᠭᠡᠢ》 ᠭᠡᠵᠦ ᠰᠠᠩᠵᠢ ᠳᠣᠲᠣᠷ᠎ᠠ ᠪᠠᠨ ᠪᠣᠳᠣᠵᠤ ᠪᠠᠢᠯ᠎ᠠ᠃ ᠰᠠᠩᠵᠢᠳᠠᠯᠪᠢᠴᠣᠢᠵᠠᠮᠰᠤ ᠡᠨᠡ ᠲᠠᠯ᠎ᠠ ᠪᠠᠷ ᠡᠯᠳᠡᠪ ᠮᠠᠭᠤ ᠰᠠᠨᠠᠭ᠎ᠠ ᠦᠭᠡᠢ᠂ ᠰᠠᠭᠠᠷᠳᠠᠭᠠᠮ ᠤᠨ ᠶᠣᠰᠣ ᠪᠠᠷᠢᠮᠲᠠᠯᠠᠵᠤ ᠦᠨᠡᠨ ᠦ᠌ ᠮᠥᠷ ᠬᠥᠭᠡᠭᠡᠵᠦ ᠶᠠᠪᠤᠭᠰᠠᠨ ᠤ᠋ ᠤᠯᠠᠮ ᠡᠴᠡ ᠶᠡᠬᠡ ᠯᠡ ᠳᠤᠲᠠᠭᠤ ᠪᠣᠳᠣᠭᠰᠠᠨ ᠢ᠋ᠶ᠋ᠠᠨ ᠬᠣᠵᠢᠮ ᠤᠬᠠᠭᠠᠷᠠᠵᠠᠢ᠃ ᠬᠡᠷᠪᠡ ᠵᠠᠩᠴᠢ ᠠᠷᠠᠯᠵᠢᠪᠠᠯ ᠨᠢᠭᠡᠨᠲᠡ ᠦᠭᠡᠢ ᠪᠣᠯᠬᠤ ᠲᠤᠯᠠ ᠲᠡᠭᠦᠪᠡᠷ ᠨᠢ ᠣᠷᠬᠢᠬᠤ᠂ ᠬᠡᠷᠪᠡ ᠰᠢᠷ᠎ᠠ ᠰᠢᠪᠲᠤᠯᠪᠠᠯ ᠬᠣᠯᠠ ᠭᠠᠵᠠᠷ ᠴᠥᠯᠡᠭᠡᠳ ᠵᠣᠭᠰᠣᠬᠤ ᠦᠭᠡᠢ ᠪᠤᠷᠬᠠᠨ ᠱᠠᠵᠢᠨ᠂ ᠰᠦᠮ᠎ᠡ ᠬᠡᠢᠳ ᠢ᠋ ᠳᠠᠬᠢᠨ ᠬᠠᠷᠠᠬᠤ ᠠᠷᠭ᠎ᠠ ᠦᠭᠡᠢ ᠪᠡᠷ ᠲᠤᠬᠠᠢᠯᠠᠪᠠᠯ ᠬᠣᠶᠠᠷ ᠨᠢᠳᠦ ᠶ᠋ᠢ ᠬᠠᠷᠠᠭ᠎ᠠ ᠦᠭᠡᠢ ᠪᠣᠯᠭᠠᠨ ᠣᠷᠬᠢᠬᠤ ᠶᠣᠰᠣᠲᠠᠢ ᠪᠠᠢᠵᠠᠢ᠃ ᠲᠡᠭᠦᠪᠡᠷ ᠴᠦ᠍ ᠪᠠᠷᠠᠬᠤ ᠦᠭᠡᠢ ᠬᠠᠷᠠᠵᠤ ᠬᠠᠨᠳᠤᠬᠤ᠂ ᠲᠤᠰᠠᠯᠠᠬᠤ ᠲᠡᠳᠬᠦᠬᠦ ᠪᠦᠬᠦᠢ ᠯᠡ ᠬᠣᠯᠪᠣᠭᠠᠨ ᠠ᠋ᠴᠠ ᠲᠠᠰᠤᠯᠵᠤ᠂ ᠭᠠᠭᠴᠠᠭᠠᠷᠳᠠᠭᠤᠯᠬᠤ ᠶᠣᠰᠣᠲᠠᠢ ᠪᠠᠢᠵᠠᠢ᠃ ᠡᠭᠦᠨ ᠢ᠋ ᠰᠠᠩᠵᠢᠳᠠᠯᠪᠢᠴᠣᠢᠵᠠᠮᠰᠤ ᠡᠷᠭᠢᠴᠡᠭᠦᠯᠦᠨ ᠪᠣᠳᠣᠭᠰᠠᠨ ᠦᠭᠡᠢ᠃ 
       - ᠮᠠᠷᠭᠠᠰᠢ ᠭᠠᠬᠠᠢ ᠴᠠᠭ ᠲᠤ᠌ ᠰᠢᠷ᠎ᠠ ᠰᠢᠪᠲᠤᠯᠤᠨ᠎ᠠ! ᠭᠡᠵᠦ ᠵᠠᠷᠯᠠᠪᠠ᠃ 
       ᠰᠠᠩᠵᠢᠳᠠᠯᠪᠢᠴᠣᠢᠵᠠᠮᠰᠤ ᠭᠡᠷ ᠲᠤ ᠪᠠᠨ ᠬᠠᠷᠢᠪᠠ᠃ ᠲᠡᠷᠡ ᠣᠷᠣᠢ ᠳ᠋ᠤ᠌ ᠪᠠᠨ ᠶᠠᠪᠤᠵᠤ ᠣᠳᠬᠣᠨ ᠢ᠋ ᠡᠷᠭᠢᠮᠡᠷ ᠰᠠᠨᠠᠭᠳᠠᠵᠠᠢ᠃ ᠭᠡᠪᠡᠴᠦ ᠤᠨᠤᠭ᠎ᠠ ᠮᠣᠷᠢ ᠪᠡᠯᠡᠨ ᠦᠭᠡᠢ᠃ ᠪᠠᠰᠠ ᠨᠢᠭᠡᠨᠲᠡ ᠰᠢᠷ᠎ᠠ ᠰᠢᠪᠲᠤᠯᠬᠤ ᠶᠤᠮ ᠪᠣᠯ ᠨᠢᠭᠡᠮᠦᠰᠦᠨ ᠣᠴᠢᠬᠤ ᠪᠠᠷ ᠰᠢᠢᠳᠦᠯ᠎ᠡ᠃ ᠠᠩᠬ᠎ᠠ ᠤᠳᠠᠭ᠎ᠠ ᠰᠠᠩᠵᠢ ᠣᠯᠠᠨ ᠵᠢᠯ ᠬᠢᠵᠦ ᠳᠠᠳᠤᠭᠰᠠᠨ ᠤᠩᠰᠢᠯᠭ᠎ᠠ᠂ ᠱᠠᠰᠢᠨ ᠤ᠋ ᠡᠯᠳᠡᠪ ᠵᠠᠩ ᠦᠢᠯᠡ ᠪᠡᠨ ᠴᠠᠭ ᠲᠤ᠌ ᠨᠢ ᠬᠢᠯ ᠦᠭᠡᠢ ᠡᠷᠲᠡᠬᠡᠨ ᠤᠨᠲᠠᠵᠤ ᠠᠮᠠᠷᠠᠬᠤ ᠪᠠᠷ ᠬᠡᠪᠲᠡᠵᠡᠢ᠃ ᠨᠣᠢᠷ ᠨᠢ ᠴᠦ᠍ ᠠᠮᠠᠷᠬᠠᠨ ᠬᠦᠷᠦᠯ᠎ᠡ᠃ 
       ᠭᠡᠪᠡᠴᠦ ᠪᠤᠶᠠᠨᠵᠠᠯᠪᠠᠷᠢᠬᠤ ᠬᠡᠢᠳ ᠤᠨ ᠲᠣᠮᠣ ᠯᠠᠮᠠ ᠨᠠᠷ᠂ ᠲᠡᠭᠦᠨ ᠦ᠌ ᠳᠣᠲᠣᠷ᠎ᠠ ᠳᠡᠮᠪᠡᠷᠢᠯ ᠭᠡᠰᠬᠦᠢ᠂ ᠳᠡᠮᠴᠦᠭ ᠭᠠᠪᠵᠤ ᠬᠣᠶᠠᠷ ᠶᠡᠬᠡ ᠠᠵᠢᠯ ᠲᠠᠢ ᠪᠠᠢᠯ᠎ᠠ᠃ ᠲᠡᠳᠡ ᠰᠠᠩᠵᠢᠳᠠᠯᠪᠢᠴᠣᠢᠵᠠᠮᠰᠤ ᠶᠢᠨ ᠡᠯᠳᠡᠪ ᠬᠣᠯᠪᠣᠭ᠎ᠠ ᠶ᠋ᠢ ᠲᠠᠰᠤᠯᠬᠤ ᠬᠤᠤᠪᠢᠯᠳᠤᠭᠠᠨ ᠬᠢᠵᠦ ᠪᠠᠢᠯ᠎ᠠ᠃ ᠣᠳᠣ ᠰᠠᠩᠵᠢ ᠳ᠋ᠤ᠌ ᠡᠴᠢᠭᠡ᠂ ᠡᠬᠡ᠂ ᠲᠥᠷᠥᠯ ᠲᠥᠷᠥᠭᠰᠡᠳ ᠪᠠᠢᠬᠤ ᠦᠭᠡᠢ᠂ ᠭᠠᠭᠴᠠᠬᠦ ᠣᠳᠬᠣᠨ ᠬᠡᠦᠬᠡᠨ ᠪᠠᠢᠭ᠎ᠠ ᠶᠢ ᠯᠠᠮᠠ ᠨᠠᠷ ᠮᠡᠳᠡᠬᠦ ᠪᠢᠯᠡ᠃ ᠨᠢᠭᠡ ᠥᠬᠢᠨ ᠡᠭᠡᠴᠢ ᠨᠢ ᠬᠥᠮᠦᠨ ᠲᠡᠢ ᠰᠠᠭᠤᠭᠠᠳ ᠬᠠᠷᠢ ᠭᠠᠵᠠᠷ ᠶᠠᠪᠤᠴᠢᠬᠠᠭᠰᠠᠨ ᠶᠤᠮ᠃ ᠴᠦᠯᠡᠯᠭᠡᠨ ᠳ᠋ᠦ᠍ ᠪᠠᠶᠢᠬᠤ ᠳᠤ ᠨᠢ ᠬᠠᠷᠠᠵᠤ ᠦᠵᠡᠬᠦ ᠡᠷᠭᠢᠵᠦ ᠣᠴᠢᠬᠤ ᠬᠥᠮᠦᠨ ᠦᠭᠡᠢ ᠪᠣᠯᠭᠠᠬᠤ ᠶᠢᠨ ᠲᠤᠯᠠᠳᠠ ᠣᠳᠬᠣᠨ ᠬᠡᠦᠬᠡᠨ ᠦ᠌ ᠤᠴᠢᠷ ᠢ ᠣᠯᠬᠤ ᠪᠠᠷ ᠲᠡᠳᠡ ᠬᠤᠤᠪᠢᠯᠳᠤᠵᠠᠢ᠃ 
       - ᠳᠡᠷᠡᠨ ᠦ᠌ ᠬᠡᠦᠬᠡᠳ ᠨᠠᠢᠮᠠ᠂ ᠶᠢᠰᠦᠨ ᠰᠠᠷ᠎ᠠ ᠲᠠᠢ ᠪᠣᠯᠪᠠ ᠤᠤ? ᠡᠢᠮᠦ ᠳᠦ ᠲᠡᠭᠦᠨ ᠳ᠋ᠦ᠍ ᠴᠢ ᠣᠴᠢᠵᠤ ᠬᠡᠯᠡ᠃ ᠰᠠᠩᠵᠢ ᠬᠠᠮᠪᠣᠲᠠᠨ ᠰᠢᠷ᠎ᠠ ᠰᠢᠪᠲᠤᠯᠬᠤ ᠬᠡᠷᠡᠭ ᠲᠦ᠍ ᠬᠣᠯᠪᠣᠭᠳᠠᠭᠠᠳ ᠪᠠᠢᠨ᠎ᠠ᠃ ᠶᠠᠭᠠᠷᠠᠯᠲᠠᠢ ᠢᠷᠡᠵᠦ ᠠᠭᠤᠯᠵᠠ! ᠭᠡᠵᠦ ᠬᠡᠯᠡᠭᠦᠯᠦᠯ᠎ᠡ ᠭᠡᠮᠡᠨ ᠢᠳᠬ᠎ᠠ᠂ ᠲᠡᠭᠡᠬᠦ ᠪᠡᠷ ᠲᠡᠷᠡ ᠬᠣᠶᠠᠷ ᠤ᠋ᠨ ᠶᠠᠪᠤᠳᠠᠯ ᠦᠨᠡᠨ ᠪᠣᠯ ᠣᠳᠬᠣᠨ ᠬᠡᠦᠬᠡᠨ ᠶᠠᠭᠠᠷᠠᠨ ᠨᠠᠰᠢ ᠭᠠᠷᠤᠨ᠎ᠠ᠃ ᠨᠡᠰᠢ ᠭᠠᠷᠤᠭᠠᠳ ᠵᠠᠮ ᠤᠨ ᠳᠤᠮᠳᠠ ᠣᠷᠣᠵᠤ ᠶᠠᠪᠤᠬᠤ ᠳ᠋ᠤ᠌ ᠨᠢ ᠰᠦᠭ ᠣᠨ ᠬᠤᠪᠴᠠᠰᠤ ᠡᠮᠦᠰᠦᠨ ᠲᠣᠰᠴᠤ ᠨᠢᠭᠤᠭᠳᠠᠵᠤ ᠪᠠᠢᠭᠠᠳ ᠮᠣᠷᠢ ᠶ᠋ᠢ ᠦᠷᠭᠦᠭᠡᠨ ᠲᠤᠢᠯᠠᠭᠤᠯᠬᠤ ᠠᠵᠢᠯ ᠢ᠋ ᠴᠢ ᠬᠢ᠃ ᠮᠣᠷᠢᠨ ᠠ᠋ᠴᠠ ᠣᠢᠴᠢᠭᠠᠳ ᠳᠣᠣᠷ᠎ᠠ ᠬᠠᠶᠠᠭᠠᠳ ᠯᠠ ᠪᠡᠷᠲᠡᠬᠦ ᠪᠢᠵᠡ᠃ ᠢᠩᠭᠢᠭᠡᠳ ᠬᠡᠨ ᠳ᠋ᠦ᠍ ᠴᠦ᠍ ᠮᠡᠳᠡᠭᠳᠡᠯ ᠦᠭᠡᠢ ᠡᠷᠭᠢᠵᠦ ᠢᠷ᠎ᠡ! ᠭᠡᠵᠦ ᠳᠡᠮᠴᠦᠭ ᠭᠠᠪᠵᠤ ᠬᠣᠶᠠᠷ ᠬᠥᠮᠦᠨ ᠳ᠋ᠦ᠍ ᠵᠢᠭᠠᠪᠤᠷᠢᠯᠠᠵᠤ ᠲᠡᠷᠡ ᠰᠥᠨᠢ ᠳᠦ ᠪᠡᠨ ᠲᠡᠳᠡᠨ ᠢ᠋ ᠢᠯᠡᠭᠡᠯ᠎ᠡ᠃ ᠡᠢᠮᠦ ᠶᠠᠭᠤᠮ᠎ᠠ ᠪᠣᠯᠵᠤ ᠪᠠᠢᠭ᠎ᠠ ᠶᠢ ᠰᠠᠩᠵᠢ ᠶᠡᠷᠦ ᠳᠡᠬᠡᠨ ᠴᠦ᠍ ᠭᠠᠳᠠᠷᠯᠠᠭᠰᠠᠨ ᠦᠭᠡᠢ᠃ 
       ᠮᠠᠷᠭᠠᠰᠢ ᠨᠢ ᠭᠠᠬᠠᠢ ᠴᠠᠭ ᠪᠣᠯᠤᠯ᠎ᠠ᠃ ᠰᠠᠩᠵᠢ ᠡᠩ ᠤᠨ ᠬᠤᠪᠴᠠᠰᠤ ᠡᠮᠦᠰᠴᠦ ᠬᠡᠢᠳ ᠲᠤ ᠪᠠᠨ ᠣᠴᠢᠯ᠎ᠠ᠃ ᠣᠴᠢᠬᠤ ᠵᠠᠮ ᠳ᠋ᠤ᠌ ᠪᠠᠨ ᠰᠢᠨ᠎ᠡ ᠪᠡᠷ ᠪᠠᠷᠢᠭᠤᠯᠵᠤ ᠪᠣᠢ ᠴᠣᠢᠷᠣ᠎ᠠ ᠶ᠋ᠢᠨ ᠳᠤᠭᠠᠩ ᠢᠶᠠᠨ ᠨᠠᠷᠠ ᠵᠥᠪ ᠲᠣᠭᠣᠷᠢᠨ ᠭᠠᠷᠪᠠ᠃ ᠣᠷᠣᠢ ᠶ᠋ᠢᠨ ᠭᠣᠩᠬᠣᠨ ᠨᠢ ᠪᠠᠷᠢᠭᠳᠠᠭ᠎ᠠ ᠦᠭᠡᠢ ᠳᠡᠭᠡᠪᠦᠷ ᠨᠢ ᠳᠤᠲᠠᠭᠤ ᠪᠠᠢᠯ᠎ᠠ᠃《ᠡᠨᠡ ᠶ᠋ᠢ ᠪᠡᠨ ᠳᠠᠭᠤᠰᠬᠠᠵᠤ ᠴᠢᠳᠠᠳᠠᠭ ᠦᠭᠡᠢ ᠮᠢᠨᠢ ᠯᠡ ᠬᠠᠢᠷᠠᠨ ᠪᠣᠯᠤᠯ᠎ᠠ》 ᠭᠡᠵᠦ ᠰᠠᠩᠵᠢ ᠬᠠᠷᠠᠮᠰᠠᠨ ᠪᠣᠳᠣᠯ᠎ᠠ᠃ 
       ᠰᠦᠮ᠎ᠡ ᠳᠤ ᠪᠦᠬᠦ ᠯᠠᠮᠠ ᠨᠠᠷ ᠲᠣᠯᠣᠭᠠᠢ ᠳᠠᠷᠠᠭᠠᠯᠠᠨ ᠴᠤᠭᠯᠠᠷᠠᠵᠠᠢ᠃ ᠰᠠᠩᠵᠢ ᠶ᠋ᠢᠨ ᠵᠦᠭ ᠬᠥᠮᠦᠨ ᠪᠦᠷᠢ ᠯᠡ ᠦᠵᠡᠭᠡ ᠦᠭᠡᠢ ᠶᠠᠭᠤᠮ᠎ᠠ ᠪᠠᠨ ᠦᠵᠡᠭᠰᠡᠨ ᠮᠡᠲᠦ ᠬᠠᠷᠠᠴᠠ ᠪᠠᠷ ᠰᠢᠷᠳᠡᠵᠡᠭᠡᠵᠦ ᠪᠠᠢᠯ᠎ᠠ᠃ ᠬᠣᠢᠮᠣᠷ ᠪᠠᠢᠬᠤ ᠰᠢᠲᠦᠭᠡᠨ ᠲᠡᠢ ᠵᠠᠩᠬᠠᠨ ᠥᠭᠡᠳᠡ ᠬᠠᠷᠠᠭᠤᠯᠵᠤ ᠰᠦᠮ᠎ᠡ ᠶ᠋ᠢᠨ ᠭᠣᠣᠯ ᠳᠤ ᠰᠠᠩᠵᠢ ᠶ᠋ᠢ ᠵᠣᠭᠰᠣᠭᠠᠯ᠎ᠠ᠃ ᠲᠦᠳᠡᠬᠡᠨ《ᠪᠢᠯᠢᠭ ᠦ᠋ᠨ ᠵᠢᠷᠦᠬᠡ》 ᠭᠡᠳᠡᠭ ᠤᠩᠰᠢᠯᠭ᠎ᠠ ᠶᠢ ᠯᠠᠮᠠ ᠨᠠᠷ ᠥᠨᠳᠥᠷ ᠳᠠᠭᠤ ᠪᠠᠷ ᠤᠩᠰᠢᠵᠤ ᠡᠬᠢᠯᠡᠯ᠎ᠡ᠃ ᠪᠣᠭᠣᠨᠢᠬᠠᠨ ᠤᠩᠰᠢᠯᠭ᠎ᠠ ᠲᠤᠯᠠ ᠤᠳᠠᠬᠤ ᠦᠭᠡᠢ ᠳᠠᠭᠤᠰᠤᠯ᠎ᠠ᠃ ᠰᠢᠷᠡᠭᠡᠲᠦ ᠡᠴᠡ ᠡᠬᠢᠯᠡᠭᠡᠳ ᠲᠣᠮᠣ ᠯᠠᠮᠠ ᠨᠠᠷ ᠪᠠᠷᠠᠭᠤᠨ ᠭᠠᠷ ᠢᠶᠠᠷ ᠵᠡᠭᠦᠨ ᠢᠶᠠᠨ ᠲᠠᠰᠢᠯ᠎ᠠ᠃ 《ᠣᠷᠣᠨ ᠭᠠᠵᠠᠷ ᠪᠦᠷᠢ ᠶ᠋ᠢᠨ ᠬᠡᠷᠡᠭ ᠦᠭᠡᠢ ᠪᠦᠬᠦᠨ ᠢ᠋ ᠲᠣᠨᠢᠯᠭ᠎ᠠ!》 ᠭᠡᠰᠡᠨ ᠳᠣᠬᠢᠶ᠎ᠠ ᠭᠡᠳᠡᠭ ᠢ᠋ ᠰᠠᠩᠵᠢ ᠮᠡᠳᠡᠵᠦ ᠪᠠᠢᠪᠠ᠃ ᠳᠠᠷᠠᠭ᠎ᠠ ᠨᠢ ᠵᠡᠭᠦᠨ ᠭᠠᠷ ᠢᠶᠠᠷ ᠪᠠᠷᠠᠭᠤᠨ ᠢ᠋ ᠲᠠᠰᠢᠵᠠᠭᠠᠪᠠ᠃ 《ᠲᠦᠢᠳᠬᠡᠷ ᠢ ᠪᠦᠷᠢᠮᠦᠰᠦᠨ ᠨᠣᠮᠣᠬᠠᠳᠬᠠᠨ ᠲᠣᠨᠢᠯᠭ᠎ᠠ!》ᠭᠡᠰᠡᠨ ᠤᠳᠬ᠎ᠠ ᠲᠠᠢ ᠶᠤᠮ᠃ ᠮᠠᠭᠤ ᠢᠷᠣ᠎ᠠ ᠶᠢᠨ ᠣᠭᠣᠯᠢ ᠰᠢᠪᠠᠭᠤᠨ ᠤ᠋ ᠳᠠᠭᠤ ᠶᠢ ᠳᠠᠭᠤᠷᠢᠶᠠᠯᠭᠠᠨ ᠪᠦᠷᠢᠶ᠎ᠡ᠂ ᠲᠣᠡᠭ᠌ᠷᠠᠭ᠎ᠠ ᠦᠯᠢᠶᠡᠯ᠎ᠡ᠃ ᠲᠡᠭᠡᠮᠡᠭᠴᠡ ᠳᠡᠮᠪᠡᠷᠡᠯ ᠭᠡᠰᠬᠦᠢ ᠤᠷᠤᠭᠰᠢ ᠭᠠᠷᠴᠤ ᠨᠢᠭᠡ ᠭᠠᠷ ᠲᠦ᠍ ᠪᠡᠨ ᠰᠠᠩ ᠲᠠᠢ ᠪᠣᠢᠫᠣᠷ᠂ ᠨᠥᠭᠦᠭᠡ ᠳᠦ ᠪᠡᠨ ᠬᠦᠷᠡᠩ ᠽᠠᠨᠳᠠᠨ ᠪᠠᠷᠢᠶ᠎ᠠ ᠪᠠᠷᠢᠵᠤ ᠬᠦᠷᠴᠦ ᠢᠷᠡᠯ᠎ᠡ᠃  ᠪᠠᠷᠢᠶ᠎ᠠ ᠪᠡᠷ ᠢᠶᠡᠨ ᠰᠠᠩᠵᠢ ᠶᠢᠨ ᠪᠠᠷᠠᠭᠤᠨ ᠮᠥᠷᠥ ᠤᠷᠤᠭᠤ ᠲᠦᠯᠬᠢᠨ ᠲᠡᠭᠦᠨ ᠦ᠌ ᠪᠡᠶ᠎ᠡ ᠶ᠋ᠢ ᠨᠠᠷᠠ ᠪᠤᠷᠤᠭᠤ ᠡᠷᠭᠢᠭᠦᠯᠪᠡ᠃ ᠡᠷᠭᠢᠮᠡᠭᠴᠡ ᠠᠷᠤ ᠳᠠᠯᠤ ᠤᠷᠤᠭᠤ ᠨᠢ ᠪᠠᠷᠢᠶ᠎ᠠ ᠪᠡᠷ ᠢᠶᠠᠨ ᠬᠠᠳᠬᠤᠨ ᠡᠭᠦᠳᠡ ᠤᠷᠤᠭᠤ ᠲᠦᠷᠢᠨ ᠬᠥᠭᠡᠭᠡᠯ᠎ᠡ᠃ ᠰᠠᠩᠵᠢ ᠬᠣᠷᠭᠣᠳᠠᠭᠰᠠᠨ ᠴᠦ᠍ ᠦᠭᠡᠢ᠂ ᠰᠢᠭᠤᠳ ᠯᠠ ᠡᠭᠦᠳᠡ ᠴᠢᠭᠯᠡᠨ ᠶᠠᠪᠤᠯ᠎ᠠ᠃ ᠰᠠᠩᠵᠢ ᠶᠢᠨ ᠭᠢᠰᠬᠢᠭᠰᠡᠨ ᠠᠯᠬᠤᠮ ᠳᠣᠳᠣᠮ ᠳᠦ ᠭᠡᠰᠬᠦᠢ ᠯᠠᠮᠠ ᠰᠠᠩ ᠤᠨ ᠪᠣᠢᠫᠣᠷ ᠲᠠᠢ ᠤᠲᠤᠭ᠎ᠠ ᠪᠠᠷ ᠲᠡᠷᠡ ᠭᠠᠵᠠᠷ ᠢ᠋ ᠨᠢ ᠠᠷᠢᠭᠤᠳᠬᠠᠬᠤ ᠳᠦᠷᠢ ᠦᠵᠡᠭᠦᠯᠦᠭᠰᠡᠭᠡᠷ ᠶᠠᠪᠤᠭᠠᠳ ᠰᠦᠮ᠎ᠡ ᠶ᠋ᠢᠨ ᠡᠭᠦᠳᠡᠨ ᠳ᠋ᠦ᠍ ᠬᠦᠷᠦᠯ᠎ᠡ᠃ ᠡᠭᠦᠳᠡ ᠪᠡᠷ ᠳᠥᠩᠭᠡᠵᠢ ᠭᠠᠳᠠᠭᠰᠢ ᠠᠯᠬᠤᠬᠤ ᠳᠦ ᠴᠠᠭᠠᠨ᠎ᠠ ᠡᠴᠡ ᠨᠢ ᠬᠡᠨ ᠨᠢᠭᠡ ᠬᠥᠮᠦᠨ (ᠰᠦᠭ ᠦ᠋ᠨ ᠬᠤᠪᠴᠠᠰᠤ ᠲᠠᠢ ᠮᠡᠲᠦ ᠬᠠᠷᠠᠭᠳᠠᠵᠠᠢ) ᠰᠠᠩᠵᠢ ᠶ᠋ᠢᠨ ᠨᠢᠳᠦ ᠤᠷᠤᠭᠤ ᠨᠤᠨᠲᠠᠭ ᠰᠢᠷ᠎ᠠ ᠨᠣᠭᠣᠭᠠᠨ ᠶᠠᠭᠤᠮ᠎ᠠ ᠴᠠᠴᠤᠪᠠ᠃ ᠰᠠᠨᠠᠭᠠᠨ ᠳ᠋ᠤ᠌ ᠦᠭᠡᠢ ᠶᠠᠪᠤᠭᠰᠠᠨ ᠲᠤᠯᠠ ᠲᠩᠷᠢ ᠶᠢᠨ ᠳᠦᠯᠡᠢ ᠶ᠋ᠢᠨ ᠨᠤᠨᠲᠠᠭ ᠰᠢᠭ᠋ ᠲᠡᠷᠡ ᠵᠦᠢᠯ ᠰᠠᠩᠵᠢ ᠶᠢᠨ ᠬᠣᠶᠠᠷ ᠨᠢᠳᠦ ᠤᠷᠤᠭᠤ ᠪᠥᠭᠡᠮ ᠢ᠋ᠶ᠋ᠡᠷ ᠢ᠋ᠶ᠋ᠡᠨ ᠫᠦᠷᠬᠢᠨ ᠣᠷᠣᠵᠤ ᠪᠠᠢᠵᠤ ᠶᠠᠳᠠᠮᠠᠷ ᠬᠣᠷᠣᠰᠤᠭᠤᠯᠤᠨ ᠨᠢᠯᠪᠤᠰᠤ ᠨᠢ ᠴᠤᠪᠤᠷᠠᠨ ᠶᠠᠭᠤ ᠴᠦ᠍ ᠬᠠᠷᠠᠵᠤ ᠴᠢᠳᠠᠬᠤ ᠦᠭᠡᠢ ᠪᠣᠯᠪᠠ᠃ ᠰᠠᠩᠵᠢ ᠨᠢᠳᠦ ᠲᠠᠢ ᠪᠠᠨ ᠨᠣᠴᠣᠯᠳᠤᠨ ᠪᠥᠬᠥᠶᠢᠲᠡᠯ᠎ᠡ ᠬᠣᠶᠠᠷ ᠬᠠᠵᠠᠭᠤ ᠡᠴᠡ ᠨᠢ ᠪᠠᠬᠢᠮ ᠬᠦᠴᠦᠲᠡᠢ ᠬᠥᠮᠦᠰ ᠪᠠᠷᠢᠨ ᠠᠪᠴᠤ ᠭᠠᠷ ᠢ ᠨᠢ ᠠᠷᠤ ᠳᠦ ᠨᠢ ᠬᠦᠯᠢᠯ᠎ᠡ᠃ 
       - ᠵᠠ ᠲᠠ ᠬᠣᠶᠠᠷ ᠨᠠᠭᠠᠳᠤ ᠲᠠᠩᠭᠠᠷᠢᠭ ᠪᠠᠭᠤᠷᠠᠭᠴᠢ ᠶ᠋ᠢ ᠪᠠᠨ ᠮᠣᠷᠢᠨ ᠳ᠋ᠤ᠌ ᠰᠠᠭᠤᠯᠭᠠᠭᠠᠳ ᠣᠢᠴᠢᠬᠤ ᠦᠭᠡᠢ ᠪᠡᠷ ᠰᠠᠢᠨ ᠪᠥᠬᠡᠯᠡᠭᠡᠳ ᠴᠤᠯᠪᠤᠭᠤᠷ ᠡᠴᠡ ᠨᠢ ᠬᠥᠲᠥᠯᠦᠭᠡᠳ ᠠᠪᠴᠤ ᠣᠳ᠃ ᠨᠥᠭᠥᠭᠡᠬᠢ ᠵᠢᠭᠠᠭᠰᠠᠨ ᠭᠠᠵᠠᠷ ᠬᠦᠷᠭᠡᠭᠡᠳ ᠡᠷᠭᠢᠵᠦ ᠢᠷ᠎ᠡ! ᠭᠡᠵᠦ ᠰᠢᠷᠡᠭᠡᠲᠦ ᠯᠠᠮᠠ ᠶ᠋ᠢᠨ ᠬᠡᠯᠡᠬᠦ ᠶ᠋ᠢ ᠰᠠᠩᠵᠢ ᠰᠣᠨᠣᠰᠤᠯ᠎ᠠ᠃ ᠨᠢᠳᠦ ᠨᠢ ᠬᠣᠷᠣᠰᠴᠤ ᠨᠢᠯᠪᠤᠰᠤ ᠠᠰᠬᠠᠷᠠᠭᠤᠯᠤᠨ ᠶᠠᠭᠤ ᠴᠦ᠍ ᠬᠠᠷᠠᠬᠤ ᠦᠭᠡᠢ ᠪᠠᠢᠯ᠎ᠠ᠃ ᠨᠢᠳᠦ ᠶᠢ ᠨᠢ ᠬᠠᠷᠠᠭ᠎ᠠ ᠦᠭᠡᠢ ᠪᠣᠯᠭᠠᠬᠤ ᠪᠣᠳᠠᠰ ᠴᠠᠴᠤᠵᠠᠢ ᠭᠡᠳᠡᠭ ᠢ᠋ ᠰᠠᠩᠵᠢ ᠮᠡᠳᠡᠯ᠎ᠡ᠃ ᠨᠢᠳᠦᠨ ᠳ᠋ᠦ᠍ ᠣᠷᠣᠭᠰᠠᠨ ᠶᠠᠭᠤᠮ᠎ᠠ ᠶᠢ ᠬᠤᠷᠤᠭᠤ ᠪᠠᠷ ᠰᠢᠯᠦᠰᠦᠳᠡᠨ ᠠᠷᠴᠢᠵᠤ ᠠᠷᠢᠯᠭᠠᠬᠤ ᠶᠢ ᠬᠦᠰᠡᠪᠡ᠃ ᠭᠡᠪᠡᠴᠦ ᠭᠠᠷ ᠬᠦᠯᠢᠶ᠎ᠡ ᠲᠡᠢ ᠰᠤᠭᠤᠨ ᠠ᠋ᠴᠠ ᠨᠢ ᠬᠥᠮᠦᠰ ᠡᠷᠭᠦᠵᠦ ᠮᠣᠷᠢᠨ ᠳ᠋ᠤ᠌ ᠮᠣᠷᠳᠠᠭᠤᠯᠤᠭᠠᠳ ᠬᠥᠯ ᠢ᠋ ᠨᠢ ᠮᠣᠷᠢᠨ ᠤ᠋ ᠭᠡᠳᠡᠰᠦᠨ ᠳᠣᠣᠭᠤᠷ ᠬᠣᠯᠪᠣᠨ ᠬᠦᠯᠢᠵᠡᠢ᠃ ᠬᠣᠶᠠᠷ ᠭᠤᠶ᠎ᠠ ᠶᠢ ᠡᠮᠡᠭᠡᠯ ᠤᠨ ᠪᠦᠭᠦᠷᠭᠡ ᠳᠡᠭᠡᠭᠦᠷ ᠲᠠᠲᠠᠭᠰᠠᠨ ᠣᠯᠣᠰᠣ ᠪᠠᠷ ᠮᠥᠨ ᠳᠠᠷᠤᠭᠤᠯᠤᠨ ᠪᠣᠭᠣᠯ᠎ᠠ᠃ ᠰᠠᠩᠵᠢ ᠶᠢᠨ ᠨᠢᠳᠦ ᠬᠠᠷᠠᠩᠭᠤᠶᠢᠯᠠᠭᠰᠠᠨ ᠬᠡᠪ ᠢᠶᠠᠷ ᠶᠠᠭᠤ ᠴᠦ᠍ ᠦᠵᠡᠬᠦ ᠦᠭᠡᠢ ᠪᠠᠢᠯ᠎ᠠ᠃ 
       ᠭᠡᠨᠡᠳᠲᠡ ᠯᠠᠮ᠎ᠠ ᠨᠠᠷ ᠠᠯᠠᠭ᠎ᠠ ᠲᠠᠰᠢᠵᠠᠭᠠᠵᠤ᠂ ᠬᠧᠺ ᠬᠧᠺ ᠬᠤᠮᠠ᠂ ᠬᠤᠮᠠ᠂ ᠬᠤᠮᠠ! ᠭᠡᠵᠦ ᠬᠠᠰᠬᠢᠷᠤᠯᠳᠤᠬᠤ ᠰᠣᠨᠣᠰᠳᠠᠪᠠ᠃ ᠲᠡᠭᠦᠨ ᠲᠡᠢ ᠵᠡᠷᠭᠡ ᠮᠣᠷᠢ ᠨᠢ ᠤᠬᠤᠰᠬᠢᠨ ᠤᠷᠤᠭᠰᠢ ᠪᠠᠨ ᠳᠠᠪᠬᠢᠯ᠎ᠠ᠃ ᠬᠠᠮᠢᠭᠠᠰᠢ ᠪᠠᠨ ᠵᠦᠭᠯᠡᠭᠰᠡᠨ ᠢ᠋ ᠪᠠᠷᠢᠮᠵᠢᠶᠠᠯᠠᠭᠰᠠᠨ ᠦᠭᠡᠢ᠃ 
       - ᠲᠠ ᠨᠠᠷ ᠨᠠᠮᠠᠢᠢ ᠬᠠᠮᠢᠭᠠᠰᠢ ᠨᠢ ᠠᠪᠠᠴᠢᠬᠤ ᠨᠢ ᠪᠣᠢ? ᠭᠡᠵᠦ ᠰᠠᠩᠵᠢ ᠬᠠᠰᠬᠢᠷᠤᠭᠰᠠᠨ ᠴᠢᠨᠢ᠂ 
       - ᠴᠥᠯᠡ ᠭᠡᠰᠡᠨ ᠭᠠᠵᠠᠷ ᠨᠢ ᠴᠥᠯᠡᠬᠦ ᠪᠡᠷ ᠶᠠᠪᠤᠯ᠎ᠠ! ᠭᠡᠵᠦ ᠬᠠᠷᠢᠭᠤ ᠦᠭᠭᠦᠯ᠎ᠡ᠃ 
       ᠮᠣᠷᠢᠨ ᠳᠠᠪᠬᠢᠭ᠎ᠠ ᠪᠠᠷ ᠲᠡᠳᠡ ᠦᠯᠦ ᠮᠡᠳᠡᠬᠦ ᠵᠦᠭ ᠲᠦ᠍ ᠣᠳᠤᠯ᠎ᠠ᠃ ᠰᠠᠩᠵᠢ ᠶᠢᠨ ᠨᠢᠳᠦ ᠬᠠᠷ᠎ᠠ ᠣᠷᠣᠬᠤ ᠦᠭᠡᠢ ᠪᠠᠢᠯ᠎ᠠ᠃ ᠲᠡᠭᠡᠬᠦ ᠪᠡᠷ ᠨᠢ᠂ 
       - ᠤᠰᠤ ᠳᠠᠭᠠᠷᠢᠯᠳᠤᠪᠠᠯ ᠨᠠᠳᠠ ᠨᠢᠭᠡ ᠪᠠᠯᠭᠤ ᠤᠰᠤ ᠦᠭᠭᠦᠭᠡᠲᠡᠭᠡᠭᠡᠴᠢ! ᠪᠢ ᠨᠢᠳᠦ ᠪᠡᠨ ᠤᠬᠢᠶᠠᠮᠠᠷ ᠪᠠᠢᠨ᠎ᠠ ᠭᠡᠪᠡ᠃ 
       - ᠲᠡᠢᠮᠦ ᠵᠢᠭᠠᠪᠤᠷᠢ ᠪᠠᠢᠬᠤ ᠦᠭᠡᠢ ᠠ᠋! ᠭᠡᠵᠦ ᠰᠥᠭᠡᠩᠭᠢ ᠪᠦᠳᠦᠭᠦᠨ ᠳᠠᠭᠤ ᠲᠠᠢ ᠬᠥᠮᠦᠨ ᠬᠠᠷᠢᠭᠤᠯᠤᠯ᠎ᠠ᠃ 
       - ᠨᠡᠯᠢᠶᠡᠳ ᠶᠠᠪᠤᠭᠠᠳ ᠪᠠᠢᠲᠠᠯ᠎ᠠ ᠬᠡᠨ ᠨᠢᠭᠡ ᠬᠥᠮᠦᠨ ᠮᠣᠷᠢᠨ ᠤ᠋ ᠬᠠᠷ᠎ᠠ ᠬᠤᠷᠳᠤ ᠪᠠᠷ ᠳᠠᠪᠬᠢᠨ ᠢᠷᠡᠬᠦ ᠰᠢᠭ ᠰᠣᠨᠣᠰᠤᠭᠳᠠᠬᠤ ᠳᠦ ᠨᠢ ᠰᠠᠩᠵᠢ ᠴᠢᠬᠢ ᠲᠠᠯᠪᠢᠨ ᠴᠢᠩᠨᠠᠪᠠᠯ᠂ 
       - ᠰᠠᠩᠵᠢ ᠠᠬ᠎ᠠ ᠠ᠋᠂ ᠲᠠᠨ ᠢ᠋ ᠬᠠᠮᠢᠭᠠᠰᠢ ᠨᠢ ᠠᠪᠴᠤ ᠶᠠᠪᠤᠭ᠎ᠠ ᠶᠤᠮ ᠪᠣᠢ? ᠪᠢ ᠲᠠᠨ ᠳ᠋ᠤ᠌ ᠬᠡᠯᠡ ᠳᠣᠭᠣᠯᠭᠠᠬᠤ ᠪᠠᠷ ᠢᠷᠡᠯ᠎ᠡ! ᠭᠡᠬᠦ ᠰᠣᠨᠣᠰᠤᠭᠳᠠᠪᠠ᠃ ᠳᠠᠭᠤᠨ ᠤ᠋ ᠨᠢ ᠥᠩᠭᠡ ᠪᠡᠷ ᠳᠠᠭᠠᠪᠠᠯ ᠴᠣᠢᠮᠴᠣᠭ ᠪᠠᠭᠰᠢᠲᠠᠨ ᠤ᠋ ᠨᠥᠭᠥᠭᠡᠬᠢ ᠬᠦᠦ ᠶᠢᠨ ᠳᠠᠭᠤ ᠪᠠᠢᠪᠠ᠃ 
       -  ᠶᠠᠭᠤ ᠬᠡ ᠪᠣᠢ᠂ ᠳᠡᠭᠦᠦ ᠮᠢᠨᠢ! ᠭᠡᠵᠦ ᠰᠠᠩᠵᠢ ᠠᠰᠠᠭᠤᠯ᠎ᠠ᠃ 
       - ᠲᠤᠩ ᠪᠠᠵᠠᠭᠠᠬᠤ ᠦᠭᠡᠢ ᠮᠠᠭᠤ ᠶᠠᠭᠤᠮ᠎ᠠ ᠪᠣᠯᠤᠯ᠎ᠠ᠂ ᠠᠬ᠎ᠠ ᠮᠢᠨᠢ᠃ ᠲᠠᠨ ᠢ ᠡᠷᠭᠢᠬᠦ ᠪᠡᠷ ᠬᠦᠷᠢᠶ᠎ᠡ ᠣᠷᠣᠬᠤ ᠭᠡᠵᠦ ᠶᠠᠪᠤᠲᠠᠯ᠎ᠠ ᠨᠢ ᠮᠣᠷᠢ ᠨᠢ ᠦᠷᠭᠦᠵᠦ ᠤᠳᠬᠤᠨ ᠡᠭᠡᠴᠢ ᠮᠣᠷᠢ ᠠ᠋ᠴᠠ ᠪᠠᠨ ᠣᠢᠴᠢᠵᠤ ᠴᠢᠷᠦᠭᠳᠡᠭᠡᠳ ᠨᠠᠰᠤ ᠪᠠᠷᠠᠴᠢᠬᠠᠯ᠎ᠠ! ᠭᠡᠵᠦ ᠲᠡᠷᠡ ᠵᠠᠯᠠᠭᠤ ᠬᠡᠯᠡᠬᠦ ᠰᠣᠨᠣᠰᠳᠠᠪᠠ᠃ 
       - ᠶᠠᠭᠤ ᠭᠡᠨ᠎ᠡ ᠠ᠋!  ᠶᠠᠭᠤ ᠭᠡᠨ᠎ᠡ ᠠ᠋! ᠭᠡᠵᠦ ᠰᠠᠩᠵᠢ ᠤᠬᠠᠭᠠᠨ ᠭᠠᠷᠲᠠᠯ᠎ᠠ ᠠᠶᠤᠵᠤ᠂ ᠤᠴᠢᠷ ᠵᠦᠭ ᠦᠭᠡᠢ ᠬᠠᠰᠬᠢᠷᠤᠨ ᠠᠰᠠᠭᠤᠪᠠ᠃ ᠴᠢᠷᠠᠢ ᠨᠢ ᠫᠠᠳ ᠬᠠᠷ᠎ᠠ ᠪᠣᠯᠵᠠᠢ᠃ 
       - ᠤᠳᠬᠤᠨ ᠡᠭᠡᠴᠢ ᠲᠠᠨ ᠢ᠋ ᠡᠷᠭᠢᠬᠦ ᠭᠡᠵᠦ ᠬᠦᠷᠢᠶ᠎ᠡ ᠤᠷᠤᠭᠤ ᠶᠠᠪᠤᠵᠤ ᠪᠠᠢᠭᠠᠳ ᠮᠣᠷᠢ ᠨᠢ ᠲᠤᠢᠯᠠᠵᠤ ᠪᠣᠰᠬᠠᠭᠠᠳ ᠨᠠᠰᠤ ᠪᠠᠷᠠᠴᠢᠬᠠᠵᠠᠢ᠃ ᠬᠡᠦᠬᠡᠳ ᠨᠢ ᠳᠤᠲᠠᠭᠤ ᠭᠠᠷᠴᠢᠬᠠᠭᠰᠠᠨ ᠶᠤᠮ ᠰᠢᠭ᠋ ᠪᠠᠢᠨ᠎ᠠ ᠭᠡᠵᠦ ᠨᠥᠭᠦᠭᠡ ᠵᠠᠯᠠᠭᠤ ᠯᠠᠪᠯᠠᠨ ᠬᠡᠯᠡᠪᠡ᠃ 
       - ᠠᠢ ᠬᠠᠯᠠᠭ ᠮᠢᠨᠢ! ᠠᠢ ᠬᠠᠯᠠᠭ ᠮᠢᠨᠢ! ᠭᠡᠵᠦ ᠰᠠᠩᠵᠢ ᠪᠣᠭᠣᠵᠤ ᠦᠬᠦᠬᠦ ᠮᠡᠲᠦ ᠳᠠᠪᠴᠢᠳᠠᠨ ᠬᠠᠰᠬᠢᠷᠤᠭᠠᠳ ᠬᠣᠶᠠᠷ ᠭᠠᠷ ᠢᠶᠠᠨ ᠬᠦᠯᠢᠭ ᠡᠴᠡ ᠰᠠᠯᠭᠠᠬᠤ ᠭᠡᠵᠦ ᠲᠡᠯᠴᠢᠯᠡᠪᠡ᠃ ᠳᠠᠭᠠᠭᠤᠯᠢ ᠨᠤᠭᠤᠳ ᠲᠡᠭᠦᠨ ᠦ᠌ ᠬᠣᠶᠠᠷ ᠲᠠᠯ᠎ᠠ ᠳᠦ ᠣᠢᠷᠠᠳᠴᠤ ᠢᠷᠡᠵᠦ ᠲᠤᠯᠤᠨ ᠶᠠᠪᠤᠵᠠᠭᠠᠪᠠ᠃ ᠰᠠᠩᠵᠢ ᠤᠷᠢ ᠳᠠᠭᠤ ᠲᠠᠯᠪᠢᠵᠤ᠂ ᠶᠠᠩᠭᠢᠨᠠᠨ ᠤᠬᠢᠯᠠᠯ᠎ᠠ᠃  ᠲᠡᠢᠨ ᠬᠦ᠌ ᠠᠮᠢᠳᠤ᠂ ᠦᠬᠦᠭᠰᠡᠨ ᠦ᠌ ᠬᠣᠭᠣᠷᠣᠨᠳᠣ ᠡᠬᠡᠷ ᠲᠠᠲᠠᠵᠤ ᠬᠡᠰᠡᠭ ᠵᠠᠭᠤᠷ᠎ᠠ ᠪᠠᠭᠲᠠᠷᠠᠵᠤ ᠶᠠᠪᠤᠯ᠎ᠠ᠃ ᠲᠡᠭᠡᠭᠡᠳ ᠪᠠᠭᠠᠬᠠᠨ ᠰᠡᠭᠡᠭᠡ ᠣᠷᠣᠵᠤ᠂ 
       - ᠮᠢᠨᠦ ᠳᠡᠭᠦᠦ ᠣᠳᠬᠣᠨ ᠡᠭᠡᠴᠢ ᠶ᠋ᠢ ᠪᠡᠨ ᠰᠢᠷ᠎ᠠ ᠳᠡᠪᠰᠡᠭ ᠲᠤ ᠣᠷᠣᠰᠢᠭᠤᠯᠤᠭᠠᠷᠠᠢ! ᠭᠡᠵᠦ ᠭᠤᠶᠤᠯ᠎ᠠ᠃ ᠲᠡᠭᠦᠨ ᠳ᠋ᠦ᠍ ᠥᠭᠡᠷ᠎ᠡ ᠶᠠᠭᠤ ᠴᠦ᠍ ᠪᠣᠳᠣᠭᠳᠠᠭᠰᠠᠨ ᠦᠭᠡᠢ᠃ 
       - ᠲᠡᠭᠡᠶ᠎ᠡ᠂ ᠠᠬ᠎ᠠ ᠮᠢᠨᠢ! ᠭᠡᠵᠦ ᠲᠡᠷᠡ ᠵᠠᠯᠠᠭᠤ ᠬᠣᠭᠣᠯᠠᠢ ᠴᠡᠴᠡᠷᠡᠭᠰᠡᠨ ᠳᠠᠭᠤ ᠪᠠᠷ ᠬᠠᠷᠢᠭᠤᠯᠤᠭᠠᠳ ᠲᠡᠳᠡᠨ ᠡᠴᠡ ᠠᠷᠭ᠎ᠠ ᠪᠤᠶᠤ ᠬᠣᠴᠣᠷᠤᠨ ᠦᠯᠡᠳᠡᠬᠦ ᠰᠢᠭ ᠪᠣᠯᠤᠯ᠎ᠠ᠃ 
     《ᠤᠳᠬᠤᠨ ᠮᠢᠨᠢ ᠳᠡ᠂ ᠬᠥᠭᠡᠷᠦᠬᠦᠢ ᠮᠢᠨᠢ! ᠴᠢ ᠪᠡᠶ᠎ᠡ ᠪᠡᠨ ᠭᠠᠮᠨᠠᠨ ᠬᠠᠢᠷᠠᠯᠠᠵᠤ ᠪᠠᠢᠬᠤ ᠦᠭᠡᠢ ᠶᠠᠭᠤ ᠭᠡᠵᠦ ᠨᠢᠭᠦᠯᠲᠦ ᠲᠣᠯᠣᠭᠠᠢ ᠨᠠᠳᠠ ᠤᠷᠤᠭᠤ ᠶᠠᠪᠤᠭᠰᠠᠨ ᠶᠤᠮ ᠪᠣᠢ᠂ ᠴᠠᠪᠠᠰᠤ ᠮᠢᠨᠢ᠃ ᠶᠠᠳᠠᠵᠤ ᠦᠷ᠎ᠡ ᠪᠡᠨ ᠠᠪᠤᠷᠠᠵᠤ ᠴᠢᠳᠠᠭᠰᠠᠨ ᠦᠭᠡᠢ ᠳᠡ᠂ ᠴᠠᠪᠠᠰᠤ!》 ᠭᠡᠵᠦ ᠰᠠᠩᠵᠢ ᠣᠢ ᠭᠠᠰᠢᠭᠤᠨ ᠳ᠋ᠤ᠌ ᠪᠠᠨ ᠪᠠᠭᠲᠠᠷᠠᠨ᠂ ᠠᠮᠠᠨ ᠳᠣᠲᠣᠷ᠎ᠠ ᠪᠠᠨ ᠦᠭᠡᠯᠡᠵᠦ ᠶᠠᠪᠤᠯ᠎ᠠ᠃ ᠨᠢᠳᠦ ᠨᠢ ᠬᠠᠷᠠᠭ᠎ᠠ ᠣᠷᠣᠬᠤ ᠦᠭᠡᠢ ᠪᠠᠢᠯ᠎ᠠ᠃ 
       ᠰᠡᠳᠬᠢᠯ ᠦ᠋ᠨ ᠲᠦᠮᠡᠨ ᠵᠣᠪᠠᠯᠠᠩ ᠳ᠋ᠤ᠌ ᠣᠷᠣᠭᠰᠠᠨ ᠰᠠᠩᠵᠢ ᠶ᠋ᠢ ᠲᠡᠷᠲᠡᠭᠡ ᠬᠣᠯᠠ ᠭᠠᠵᠠᠷ᠂ ᠡᠵᠡᠭᠦᠢ ᠵᠡᠯᠢᠭᠦᠳ ᠭᠣᠪᠢ ᠳ᠋ᠤ᠌ ᠠᠪᠠᠴᠢᠵᠤ ᠴᠦᠯᠢᠬᠦ ᠪᠡᠷ ᠲᠡᠢᠨ ᠬᠦ᠌ ᠠᠪᠴᠤ ᠶᠠᠪᠤᠭ᠎ᠠ ᠶ᠋ᠢ ᠴᠦ᠍ ᠲᠡᠷᠡ ᠥᠪᠡᠷ ᠢᠶᠠᠨ ᠮᠡᠳᠡᠪᠡᠴᠦ ᠴᠣᠬᠣᠮ ᠬᠠᠮᠢᠭ᠎ᠠ ᠬᠦᠷᠭᠡᠬᠦ ᠶ᠋ᠢ ᠲᠥᠰᠦᠭᠡᠯᠡᠬᠦ ᠦᠭᠡᠢ ᠪᠠᠢᠯ᠎ᠠ᠃ 
       ᠬᠣᠷᠸ᠎ᠠ ᠳᠡᠯᠡᠬᠡᠢ ᠣᠳᠣ ᠲᠡᠭᠦᠨ ᠳ᠋ᠦ᠍ ᠳᠡᠰ ᠬᠠᠷᠠᠩᠭᠤᠢ ᠭᠦᠨ ᠬᠠᠷ᠎ᠠ ᠨᠦᠬᠡ ᠰᠢᠭ ᠪᠣᠯᠵᠠᠢ᠃   


            ᠬᠢᠨᠠᠭᠴᠢ᠄ ᠲᠦᠮᠡᠨᠴᠡᠴᠡᠭ