ᠮᠣᠩᠭᠣᠯ ᠦᠰᠦᠭ ᠮᠢᠨᠢ-ᠦ᠊᠂ ᠪᠣᠷᠣᠭᠠᠨМонгол үсэг минь-Ө,Бороон ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ ᠮᠢᠨᠢ-ᠦ᠊᠂ ᠪᠣᠷᠣᠭᠠᠨМонгол үсэг минь-Ө,Бороон

ᠮᠣᠩᠭᠣᠯ ᠦᠰᠦᠭ ᠮᠢᠨᠢ-ᠦ᠊᠂ ᠪᠣᠷᠣᠭᠠᠨМонгол үсэг минь-Ө,Бороон

2024-03-27

1279

ᠮᠣᠩᠭᠣᠯ ᠦᠰᠦᠭ ᠮᠢᠨᠢ

          ᠦ᠊᠂ ᠪᠣᠷᠣᠭᠠᠨ 

ᠣᠷᠴᠢᠯᠠᠩ ᠤ᠋ᠨ ᠡᠯᠢᠭᠡᠨ ᠳ᠋ᠦ᠍ ᠳᠥᠷᠥᠯᠵᠡᠵᠦ ᠪᠠᠳᠮᠠᠯᠠᠭᠰᠠᠨ ᠮᠣᠩᠭᠣᠯ ᠦᠰᠦᠭ ᠮᠢᠨᠢ 
ᠣᠩᠭᠣᠨ ᠬᠦᠯᠦᠭ ᠦ᠋ᠨ ᠳᠡᠯ ᠳ᠋ᠦ᠍ ᠳᠠᠷᠴᠢᠬᠯᠠᠵᠦ ᠨᠠᠮᠢᠷᠠᠭᠰᠠᠨ ᠮᠣᠩᠭᠣᠯ ᠦᠰᠦᠭ ᠮᠢᠨᠢ 
ᠣᠭᠲᠠᠷᠭᠤᠢ ᠶ᠋ᠢᠨ ᠮᠠᠨᠳᠠᠯ ᠠ᠋ᠴᠠ ᠰᠣᠯᠣᠩᠭᠠᠷᠠᠵᠤ ᠪᠠᠭᠤᠭᠰᠠᠨ ᠮᠣᠩᠭᠣᠯ ᠦᠰᠦᠭ ᠮᠢᠨᠢ 
ᠲᠣᠭᠣᠨᠣ ᠶ᠋ᠢᠨ ᠨᠠᠷᠠ ᠲᠠᠢ ᠤᠷᠤᠯᠳᠤᠵᠤ ᠰᠡᠢᠯᠦᠭᠰᠡᠨ ᠮᠣᠩᠭᠣᠯ ᠦᠰᠦᠭ ᠮᠢᠨᠢ 

ᠲᠤᠩᠭᠠᠯᠠᠭ ᠮᠥᠷᠡᠨ ᠦ᠌ ᠳᠠᠪᠠᠯᠭᠠᠨ ᠳ᠋ᠤ᠌ ᠴᠠᠯᠭᠢᠯᠠᠭᠰᠠᠨ ᠮᠣᠩᠭᠣᠯ ᠦᠰᠦᠭ ᠮᠢᠨᠢ 
ᠲᠣᠷᠭᠠᠨ ᠭᠣᠪᠢ ᠶ᠋ᠢᠨ ᠵᠡᠷᠭᠡᠯᠭᠡᠨ ᠳ᠋ᠦ᠍ ᠭᠦᠪᠦᠯᠵᠡᠭᠰᠡᠨ ᠮᠣᠩᠭᠣᠯ ᠦᠰᠦᠭ ᠮᠢᠨᠢ 
ᠬᠠᠨ ᠬᠠᠢᠷᠬᠠᠨ ᠤ᠋ ᠣᠷᠭᠢᠯ ᠳ᠋ᠤ᠌ ᠳᠡᠭᠦᠯᠢᠭᠰᠡᠨ ᠮᠣᠩᠭᠣᠯ ᠦᠰᠦᠭ ᠮᠢᠨᠢ 
ᠬᠠᠩᠭᠠᠢ ᠶ᠋ᠢᠨ ᠴᠡᠩᠬᠡᠷ ᠤᠨᠢᠶᠠᠷ ᠲᠠᠲᠠᠭᠰᠠᠨ ᠮᠣᠩᠭᠣᠯ ᠦᠰᠦᠭ ᠮᠢᠨᠢ 

ᠬᠠᠷᠢ ᠶ᠋ᠢᠨ ᠣᠮᠣᠭ ᠢ᠋ ᠨᠢᠴᠠ ᠳᠠᠷᠤᠭᠰᠠᠨ ᠮᠣᠩᠭᠣᠯ ᠦᠰᠦᠭ ᠮᠢᠨᠢ 
ᠱᠠᠰᠲᠢᠷ ᠲᠡᠦᠬᠡ ᠶ᠋ᠢᠨ ᠨᠢᠭᠤᠴᠠ ᠶ᠋ᠢ ᠳᠠᠢᠯᠠᠭᠰᠠᠨ ᠮᠣᠩᠭᠣᠯ ᠦᠰᠦᠭ ᠮᠢᠨᠢ 
ᠰᠠᠨᠰᠠᠷ ᠤ᠋ᠨ ᠣᠳᠣᠳ ᠢ᠋ ᠴᠢᠯᠠᠭᠤᠨ ᠳ᠋ᠤ᠌ ᠰᠡᠢᠯᠦᠭᠰᠡᠨ ᠮᠣᠩᠭᠣᠯ ᠦᠰᠦᠭ ᠮᠢᠨᠢ 
ᠰᠠᠭᠠᠳᠠᠭ ᠨᠤᠮᠤ ᠶ᠋ᠢᠨ ᠬᠥᠪᠴᠢᠨ ᠳ᠋ᠦ᠍ ᠳᠣᠪᠲᠣᠯᠤᠭᠰᠠᠨ ᠮᠣᠩᠭᠣᠯ ᠦᠰᠦᠭ ᠮᠢᠨᠢ
ᠮᠥᠩᠬᠡ ᠶ᠋ᠢᠨ ᠢᠷᠦᠭᠡᠯ ᠳ᠋ᠦ᠍ ᠬᠡᠢᠮᠣᠷᠢ ᠬᠤᠷᠤᠢᠯᠠᠭᠰᠠᠨ ᠮᠣᠩᠭᠣᠯ ᠦᠰᠦᠭ ᠮᠢᠨᠢ
ᠮᠥᠩᠭᠥᠨ ᠰᠤᠪᠤᠳ ᠰᠢᠵᠢᠷ ᠲᠦ ᠭᠢᠯᠠᠯᠵᠠᠭᠰᠠᠨ ᠮᠣᠩᠭᠣᠯ ᠦᠰᠦᠭ ᠮᠢᠨᠢ
ᠮᠣᠷᠢᠲᠠᠨ ᠵᠠᠶᠠᠭᠠᠨ ᠤ᠋ ᠰᠦᠯᠲᠠᠨ ᠳ᠋ᠤ᠌ ᠡᠷᠭᠦᠭᠰᠡᠨ ᠮᠣᠩᠭᠣᠯ ᠦᠰᠦᠭ ᠮᠢᠨᠢ ᠠ᠋

   ᠦᠰᠦᠭ ᠠᠮᠢᠯᠠᠭᠤᠯᠤᠭᠰᠠᠨ ᠨᠢ᠄ ᠳᠡᠯᠭᠡᠷᠴᠡᠴᠡᠭ
   ᠦᠰᠦᠭ ᠬᠠᠲᠠᠭᠴᠢ᠄ ᠮᠢᠳᠤᠭᠮ᠎ᠡ
   ᠬᠢᠨᠠᠭᠴᠢ᠄ ᠪᠢᠮᠪᠠ᠂ ᠾᠦᠩ ᠸᠧᠢ ᠳᠡᠭᠵᠢᠨ᠂ ᠣᠳᠬᠠᠨᠰᠣ᠎ᠡ