ᠲᠡᠮᠦᠷ ᠬᠠᠷᠭᠠᠢДэмэр харгай
ᠲᠡᠮᠦᠷ ᠬᠠᠷᠭᠠᠢ
ᠨᠠᠷᠠᠰᠤ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂50m ᠬᠢᠷᠢ ᠥᠨᠳᠥᠷ᠂ ᠬᠠᠷᠠᠪᠲᠤᠷ ᠦᠨᠡᠰᠦᠨ ᠥᠩᠭᠡᠲᠦ ᠬᠣᠯᠲᠣᠰᠣ ᠲᠠᠢ᠃ ᠮᠥᠴᠢᠷ ᠨᠢ ᠨᠠᠷᠢᠨ ᠪᠥᠭᠡᠳ ᠰᠠᠭᠯᠠᠢᠨ ᠤᠷᠭᠤᠨ᠎ᠠ᠃ ᠨᠠᠪᠴᠢ ᠨᠢ ᠪᠦᠰᠡ ᠬᠡᠯᠪᠡᠷᠢᠲᠡᠢ᠂ ᠱᠤᠷᠠᠭᠯᠠᠨ ᠤᠷᠭᠤᠬᠤ ᠪᠣᠯᠪᠠᠴᠤ ᠤᠭ ᠢ᠋ᠶ᠋ᠠᠷ ᠢ᠋ᠶ᠋ᠠᠨ ᠮᠤᠰᠬᠢᠷᠠᠵᠤ ᠬᠣᠶᠠᠷ ᠮᠥᠷ ᠪᠣᠯᠵᠤ ᠵᠡᠷᠭᠡᠴᠡᠨ᠎ᠡ᠂1.2—2.7cm ᠤᠷᠲᠤ2—2.5mm ᠥᠷᠭᠡᠨ᠂ ᠬᠣᠲᠣᠭᠣᠷ ᠣᠷᠣᠢ ᠲᠠᠢ᠂ ᠪᠦᠲᠦᠨ ᠬᠥᠪᠡᠭᠡ ᠲᠡᠢ᠂ ᠠᠷᠤ ᠶ᠋ᠢᠨ ᠬᠦᠷᠡᠢᠭᠰᠡᠨ ᠭᠣᠣᠯ ᠰᠤᠳᠠᠯ ᠤ᠋ᠨ ᠬᠢᠨᠢ ᠬᠣᠶᠠᠷ ᠲᠠᠯ᠎ᠠ ᠳ᠋ᠤ᠌ ᠭᠦᠢᠬᠡᠨ ᠨᠣᠭᠣᠭᠠᠨ ᠥᠩᠭᠡᠲᠦ ᠬᠡᠢ ᠶ᠋ᠢᠨ ᠠᠮᠠᠰᠠᠷ ᠤ᠋ᠨ ᠴᠤᠪᠤᠭ᠎ᠠ ᠲᠤᠰ ᠪᠦᠷᠢ ᠨᠢᠭᠡ ᠮᠥᠷ ᠪᠣᠢ᠃ ᠡᠷ᠎ᠡ ᠪᠠᠭ ᠴᠡᠴᠡᠭ ᠨᠢ ᠨᠠᠪᠴᠢᠨ ᠤ᠋ ᠥᠪᠥᠷ ᠲᠤ ᠭᠠᠭᠴᠠᠭᠠᠷ ᠤᠷᠭᠤᠨ᠎ᠠ᠃ ᠴᠡᠴᠡᠭ ᠦ᠋ᠨ ᠲᠣᠭᠣᠰᠣ ᠨᠢ ᠬᠡᠢ ᠶ᠋ᠢᠨ ᠤᠭᠤᠲᠠ ᠦᠭᠡᠢ᠃ ᠪᠣᠷᠭᠣᠴᠣᠭ ᠨᠢ ᠥᠨᠳᠡᠭᠡᠯᠵᠢᠨ ᠪᠤᠶᠤ ᠤᠷᠲᠤᠯᠢᠭ ᠥᠨᠳᠡᠭᠡᠯᠵᠢᠨ᠂1.5—2.7cm᠂ ᠳ᠋ᠢᠶᠠᠮᠧᠲ᠋ᠷ ᠨᠢ0.8—1.5cm᠂ ᠣᠬᠣᠷᠬᠠᠨ ᠪᠠᠷᠢᠭᠤᠯ ᠲᠠᠢ᠃ ᠦᠷ᠎ᠡ ᠶ᠋ᠢᠨ ᠬᠠᠢᠷᠰᠤ ᠨᠢ ᠲᠠᠪᠤᠯᠵᠢᠨ ᠰᠢᠭ᠋ ᠳᠤᠭᠤᠷᠢᠭᠬᠠᠨ ᠪᠤᠶᠤ ᠲᠣᠭᠣᠷᠢᠭ᠂ ᠣᠷᠣᠢ ᠨᠢ ᠨᠢᠮᠭᠡᠨ ᠪᠥᠭᠡᠳ ᠳᠣᠲᠣᠭᠰᠢ ᠪᠠᠨ ᠬᠤᠮᠢᠭᠠᠷ; ᠦᠷ᠎ᠡ ᠶ᠋ᠢᠨ ᠳᠣᠣᠷᠠᠲᠤ ᠲᠠᠯ᠎ᠠ ᠶ᠋ᠢᠨ ᠭᠠᠳᠠᠷᠭᠤ ᠳ᠋ᠤ᠌ ᠲᠣᠰᠣᠨ ᠲᠣᠯᠪᠣ ᠪᠣᠢ; ᠦᠷ᠎ᠡ ᠨᠢ ᠳᠠᠯᠠᠪᠴᠢ ᠲᠠᠢ ᠪᠠᠨ ᠨᠡᠢᠯᠡᠭᠡᠳ7—9mm ᠤᠷᠲᠤ; ᠪᠠᠭᠯᠠᠭᠴᠢ ᠢᠯᠲᠠᠰᠤ ᠨᠢ ᠮᠠᠰᠢ ᠣᠬᠣᠷ᠂ ᠢᠯᠡ ᠪᠢᠰᠢ᠃
ᠪᠣᠷᠣᠭᠠᠨ ᠬᠤᠷ᠎ᠠ ᠡᠯᠪᠡᠭ ᠰᠡᠷᠢᠭᠦᠨ ᠠᠭᠤᠷ ᠠᠮᠢᠰᠬᠤᠯ ᠲᠠᠢ ᠭᠠᠵᠠᠷ ᠤ᠋ᠨ ᠬᠦᠴᠢᠯᠯᠢᠭ ᠬᠥᠷᠥᠰᠥᠲᠦ ᠤᠰᠤ ᠲᠣᠭᠲᠠᠬᠤ ᠦᠭᠡᠢ ᠠᠭᠤᠯᠠ ᠶ᠋ᠢᠨ ᠬᠠᠵᠠᠭᠤ᠂ ᠨᠢᠷᠤᠭᠤ ᠬᠢᠭᠡᠳ ᠭᠣᠣ ᠵᠢᠯᠠᠭ᠎ᠠ ᠪᠠᠷ ᠤᠷᠭᠤᠨ᠎ᠠ᠃
ᠮᠠᠨ ᠤ᠋ ᠤᠯᠤᠰ ᠤ᠋ᠨ ᠾᠧᠨᠠᠨ᠂ ᠱᠠᠨᠰᠢ᠂ ᠭᠠᠨᠰᠦ᠂ ᠬᠤᠪᠧᠢ᠂ ᠰᠧᠴᠤᠸᠠᠨ᠂ ᠭᠦᠢᠵᠧᠦ᠂ ᠲᠠᠢᠸᠠᠨ ᠵᠡᠷᠭᠡ ᠮᠣᠵᠢ ᠣᠷᠣᠨ ᠳ᠋ᠤ᠌ ᠤᠷᠭᠤᠳᠠᠭ᠃ ᠬᠣᠯᠲᠣᠰᠣ ᠨᠢ ᠡᠯᠳᠡᠭᠦᠷᠢ ᠶ᠋ᠢᠨ ᠲᠦᠭᠦᠬᠡᠢ ᠡᠳ᠋; ᠬᠣᠯᠲᠣᠰᠣ ᠠ᠋ᠴᠠ ᠨᠢ ᠪᠠᠰᠠ ᠳᠠᠪᠠᠷᠬᠠᠢ ᠠᠪᠴᠤ ᠪᠣᠯᠤᠨ᠎ᠠ᠃ ᠦᠷ᠎ᠡ ᠡᠴᠡ ᠨᠢ ᠲᠣᠰᠣ ᠰᠢᠬᠠᠵᠤ ᠠᠵᠤ ᠦᠢᠯᠡᠳᠪᠦᠷᠢ ᠳ᠋ᠦ᠍ ᠬᠡᠷᠡᠭᠯᠡᠨ᠎ᠡ᠃ ᠮᠣᠳᠣ ᠶ᠋ᠢ ᠨᠢ ᠪᠠᠷᠢᠯᠭ᠎ᠠ᠂ ᠳᠡᠷᠡ ᠮᠣᠳᠣ᠂ ᠲᠡᠷᠭᠡ ᠵᠡᠷᠭᠡ ᠳ᠋ᠦ᠍ ᠬᠡᠷᠡᠭᠯᠡᠨ᠎ᠡ᠃ ᠬᠢᠲᠠᠳ ᠨᠡᠷ᠎ᠡ᠄铁杉
ᠠᠩᠭ᠌ᠯᠢ ᠨᠡᠷ᠎ᠡ ᠄Tsuga chinensis(Franch.)pritz.
ᠦᠰᠦᠭ ᠠᠮᠢᠯᠠᠭᠤᠯᠤᠭᠴᠢ᠄ ᠣ ᠰᠡᠴᠡᠨᠲᠦ
ᠬᠢᠨᠠᠭᠴᠢ᠄ ᠫᠤ· ᠴᠠᠭᠠᠨ
