ᠮᠠᠯᠴᠢᠨ ᠬᠥᠮᠦᠨ ᠦ ᠳᠠᠭᠤᠤ < ᠬᠣᠶᠠᠷ > – ᠴᠣ ᠂ ᠣᠷᠱᠤᠨ Малчин хүний дуу < хоёр > – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠬᠥᠮᠦᠨ ᠦ ᠳᠠᠭᠤᠤ < ᠬᠣᠶᠠᠷ > – ᠴᠣ ᠂ ᠣᠷᠱᠤᠨ Малчин хүний дуу < хоёр > – Чо ᠂ Оршин

ᠮᠠᠯᠴᠢᠨ ᠬᠥᠮᠦᠨ ᠦ ᠳᠠᠭᠤᠤ < ᠬᠣᠶᠠᠷ > – ᠴᠣ ᠂ ᠣᠷᠱᠤᠨ Малчин хүний дуу < хоёр > – Чо ᠂ Оршин

2024-03-27

255

ᠮᠠᠯᠴᠢᠨ ᠬᠥᠮᠦᠨ ᠦ ᠳᠠᠭᠤᠤ – ᠬᠣᠶᠠᠷ


         ᠬᠣᠶᠠᠷ 

 ᠮᠢᠨᠦ ᠨᠡᠷ᠎ᠡ— ᠮᠣᠩᠭᠣᠯ 
 ᠮᠢᠨᠦ ᠠᠯᠳᠠᠷ— ᠮᠠᠯᠴᠢᠨ 
 ᠬᠥᠯ ᠳ᠋ᠦ᠍ ᠣᠷᠣᠬᠤ ᠮᠥᠴᠡ ᠳ᠋ᠦ᠍ 
 ᠬᠦᠯᠦᠭ ᠦ᠋ᠨ ᠨᠢᠷᠤᠭᠤᠨ ᠠ᠋ᠴᠠ ᠳᠡᠭᠦᠵᠢᠯᠡᠭᠡᠳ 
 ᠨᠣᠮᠣᠬᠠᠨ ᠪᠣᠷᠣ ᠶ᠋ᠢᠨ ᠳᠡᠯ ᠳ᠋ᠦ᠍ 
 ᠨᠣᠭᠲᠣ ᠲᠠᠢ ᠵᠠᠢᠳᠠᠩ ᠭᠦᠶᠦᠯᠭᠡᠭᠡᠳ 
 ᠮᠠᠯ ᠬᠠᠷᠢᠭᠤᠯᠤᠭᠰᠠᠨ ᠡᠴᠢᠭᠡ ᠳ᠋ᠡᠭᠡᠨ 
 ᠮᠠᠨᠠᠷᠠᠭᠤᠯᠤᠨ ᠣᠴᠢᠵᠤ ᠴᠠᠢᠯᠠᠭᠤᠯᠳᠠᠭ 
 ᠠᠷᠤᠭ ᠡᠭᠦᠷᠦᠭᠰᠡᠨ ᠡᠬᠡ ᠳ᠋ᠡᠭᠡᠨ 
 ᠠᠪᠢᠶᠠᠰ ᠢ᠋ᠶ᠋ᠠᠨ ᠦᠵᠡᠭᠦᠯᠦᠨ ᠭᠠᠢᠬᠠᠭᠤᠯᠳᠠᠭ 
 ᠢᠰᠢᠭᠡ ᠬᠤᠷᠠᠭ᠎ᠠ ᠶ᠋ᠢᠨ ᠠᠯᠢᠶᠠᠷᠬᠠᠭᠠᠨ ᠳ᠋ᠤ᠌ 
 ᠢᠮ ᠲᠡᠮᠳᠡᠭ ᠢ᠋ᠶ᠋ᠡᠷ ᠵᠢᠰᠦᠯᠡᠭᠡᠳ 
 ᠬᠠᠰᠢᠷ ᠳᠣᠬᠢ ᠮᠠᠯᠴᠢᠨ ᠰᠢᠭ᠋ 
 ᠬᠠᠷᠠᠨ ᠬᠠᠷᠠᠨ ᠨᠢᠳᠦᠯᠡᠳᠡᠭ ᠰᠠᠨ  
 ᠬᠠᠷᠠᠬᠠᠨ ᠪᠠᠭ᠎ᠠ ᠨᠠᠰᠤᠨ ᠳ᠋ᠠᠭᠠᠨ 
 ᠬᠠᠢᠷ᠎ᠠ ᠶ᠋ᠢ ᠢᠩᠭᠢᠵᠦ ᠣᠯᠤᠭᠰᠠᠨ ᠰᠠᠨ 
 ᠦᠬᠡᠷ ᠰᠦᠷᠦᠭ ᠢ᠋ᠶ᠋ᠡᠨ ᠵᠠᠯᠠᠭᠠᠳ 
 ᠥᠮᠪᠦᠦ ᠥᠮᠪᠦᠦ ᠳᠠᠭᠤᠷᠢᠶᠠᠵᠤ 
 ᠭᠠᠩᠭᠠᠩ ᠨᠠᠮᠤᠷ ᠤ᠋ᠨ ᠪᠤᠬ᠎ᠠ 
 ᠭᠠᠵᠠᠷ ᠰᠡᠵᠢᠬᠦ ᠶ᠋ᠢ ᠰᠠᠵᠢᠶᠠᠵᠤ  
 ᠳᠥᠨᠳᠥᠭᠡᠷ ᠲᠤᠭᠤᠯ ᠢ᠋ᠶ᠋ᠠᠨ ᠴᠢᠷᠦᠭᠡᠳ 
 ᠲᠦᠰ ᠬᠢᠲᠡᠯ᠎ᠡ ᠮᠦᠷᠭᠦᠯᠳᠦᠭᠦᠯᠳᠡᠭ  
 ᠳᠠᠭᠠᠨ ᠪᠣᠷᠣ ᠪᠠᠨ ᠰᠣᠷᠢᠵᠤ 
 ᠳᠠᠩᠴᠢ ᠬᠡᠨᠡᠭ ᠦᠭᠡᠢ ᠳᠠᠪᠬᠢᠬᠤ ᠳ᠋ᠤ᠌ 
 ᠮᠠᠯ ᠰᠦᠷᠦᠭ ᠮᠢᠨᠢ ᠰᠣᠨᠢᠭᠤᠴᠢᠯᠠᠵᠤ 
 ᠮᠠᠯᠴᠢᠨ ᠲᠦᠮᠡᠨ ᠮᠢᠨᠢ ᠱᠠᠭᠰᠢᠯᠴᠠᠨ 
 ᠥᠭᠡᠳᠡᠩ ᠪᠡᠯᠴᠢᠭᠡᠷ ᠢᠨᠢᠶᠡᠭᠡᠳ 
 ᠥᠷᠯᠥᠭ ᠳᠡᠯᠡᠬᠡᠢ ᠪᠠᠶᠠᠰᠤᠭᠰᠠᠨ᠃  

ᠢᠷᠡᠯᠲᠡ ᠄  ᠴᠣ᠂ ᠣᠷᠱᠤᠨ ᠤ᠋《ᠮᠠᠯᠴᠢᠨ ᠬᠥᠮᠦᠨ ᠦ᠌ ᠳᠠᠭᠤᠤ   》 ᠨᠣᠮ ᠠ᠋ᠴᠠ ᠡᠰᠢᠯᠡᠪᠡ᠃

           ᠦᠰᠦᠭ ᠠᠮᠢᠯᠠᠭᠤᠯᠤᠭᠴᠢ᠄ ᠪᠠᠶᠠᠷᠴᠡᠴᠡᠭ 
                2024᠂ 03᠂24