ᠮᠠᠯᠴᠢᠨ ᠬᠥᠮᠦᠨ ᠦ ᠳᠠᠭᠤᠤ < ᠨᠢᠭᠡ > – ᠴᠣ ᠂ ᠣᠷᠱᠤᠨ Малчин хүний дуу < нэг > – Чо ᠂ Оршин
ᠮᠠᠯᠴᠢᠨ ᠬᠥᠮᠦᠨ ᠦ ᠳᠠᠭᠤᠤ – ᠨᠢᠭᠡ
ᠠᠷᠭᠠᠯ ᠤ᠋ᠨ ᠤᠲᠤᠭ᠎ᠠ ᠦᠨᠦᠷᠲᠦᠵᠦ
ᠠᠭᠠᠷᠤᠤᠯ ᠤ᠋ᠨ ᠬᠡᠮᠬᠡᠳᠡᠭ ᠵᠠᠵᠢᠯᠤᠭᠰᠠᠨ
ᠠᠲᠠᠷ ᠬᠡᠭᠡᠷ᠎ᠡ ᠳ᠋ᠦ᠍ ᠦᠨᠦᠰᠦᠭᠳᠡᠵᠦ
ᠠᠮᠢᠳᠤᠷᠠᠯ ᠲᠡᠮᠡᠴᠡᠯ ᠳ᠋ᠦ᠍ ᠱᠤᠩᠪᠠᠭᠰᠠᠨ
ᠮᠢᠨᠦ ᠠᠯᠳᠠᠷ— ᠮᠠᠯᠴᠢᠨ
ᠮᠢᠨᠦ ᠭᠡᠷ— ᠪᠡᠯᠴᠢᠭᠡᠷ
ᠮᠢᠨᠦ ᠠᠮᠢ— ᠮᠠᠯ᠃
ᠲᠣᠲᠣᠭᠣ ᠲᠦᠰᠢᠭᠰᠡᠨ ᠬᠠᠲᠠᠪᠴᠢ ᠲᠠᠢ
ᠲᠣᠭᠣᠨᠣᠲᠤ ᠭᠡᠷ ᠦ᠋ᠨ ᠥᠷᠥᠴᠡᠨ ᠳ᠋ᠦ᠍
ᠲᠣᠰᠣ ᠰᠦᠨ ᠳ᠋ᠦ᠍ ᠨᠡᠪᠰᠢᠭᠰᠡᠨ
ᠮᠣᠩᠭᠣᠯ ᠡᠬᠡ ᠶ᠋ᠢᠨ ᠬᠡᠪᠡᠯᠢ ᠡᠴᠡ
ᠮᠠᠯᠴᠢᠨ ᠨᠢᠭᠡᠨ ᠦᠷᠡᠰ
ᠮᠡᠨᠳᠦᠯᠡᠵᠦ ᠡᠨᠳᠡ ᠲᠥᠷᠥᠬᠦ ᠳ᠋ᠦ᠍
ᠠᠷᠠᠰᠤᠨ ᠨᠡᠬᠡᠢ ᠵᠠᠩᠭᠠᠨ ᠳ᠋ᠤ᠌
ᠠᠮᠢᠯᠠᠯ ᠣᠯᠤᠭᠰᠠᠨ ᠪᠢ
ᠤᠭᠤᠷᠠᠭ ᠰᠦᠨ ᠳ᠋ᠡᠭᠡᠨ ᠬᠠᠯᠭᠢᠭᠠᠳ
ᠲᠤᠯᠭ᠎ᠠ ᠲᠣᠭᠣᠷᠢᠨ ᠮᠥᠯᠬᠥᠭᠡᠳ
ᠠᠶᠠᠭᠠᠲᠠᠢ ᠪᠤᠳᠠᠭᠠᠨ ᠳ᠋ᠤ᠌ ᠴᠠᠳᠴᠤ
ᠠᠷᠭᠠᠯ ᠬᠣᠷᠭᠣᠯ ᠳ᠋ᠤ᠌ ᠪᠥᠮᠪᠥᠷᠢᠭᠡᠳ
ᠠᠮᠢᠳᠤᠷᠠᠯ ᠤ᠋ᠨ ᠡᠭᠦᠳᠡ ᠶ᠋ᠢ ᠲᠠᠲᠠᠵᠤ
ᠡᠷ᠎ᠡ ᠪᠣᠯᠤᠨ ᠵᠠᠶᠠᠭᠠᠭᠰᠠᠨ᠂
ᠡᠴᠢᠭᠡ ᠶ᠋ᠢᠨ ᠮᠠᠩᠨᠠᠢ ᠶ᠋ᠢ ᠲᠡᠨᠢᠢᠯᠭᠡᠭᠡᠳ
ᠡᠷᠳᠡᠨᠢ ᠪᠣᠯᠤᠨ ᠬᠠᠢᠷᠠᠯᠠᠭᠳᠠᠭᠰᠠᠨ᠂
ᠡᠬᠡ ᠶ᠋ᠢᠨ ᠪᠦᠪᠡᠢ ᠶ᠋ᠢ ᠡᠪᠦᠷᠯᠡᠭᠡᠳ
ᠲᠤᠭᠤᠯ ᠤ᠋ᠨ ᠰᠡᠭᠦᠯ ᠢ᠋ ᠰᠢᠪᠲᠤᠷᠴᠤ
ᠲᠣᠷᠭᠠᠨ ᠲᠠᠯ᠎ᠠ ᠳ᠋ᠤ᠌ ᠪᠣᠢᠵᠢᠭᠰᠠᠨ᠂
ᠠᠪᠤ ᠶ᠋ᠢᠨ ᠲᠣᠬᠣᠳᠠᠭ ᠡᠮᠡᠭᠡᠯ ᠢ᠋
ᠠᠷᠠᠯ ᠳᠡᠭᠡᠷ᠎ᠡ ᠪᠡᠨ ᠡᠮᠬᠦᠭᠦᠯᠦᠭᠡᠳ
ᠠᠰᠬᠠᠨ ᠵᠠᠯᠠᠭᠰᠠᠨ ᠤᠷᠭ᠎ᠠ ᠶ᠋ᠢ
ᠠᠳᠬᠤᠵᠤ ᠭᠠᠷ ᠲᠠᠭᠠᠨ ᠪᠠᠷᠢᠭᠠᠳ
ᠮᠠᠯ ᠢ᠋ᠶ᠋ᠠᠨ ᠬᠠᠷᠢᠭᠤᠯᠵᠤ ᠶᠠᠪᠤᠭ᠎ᠠ
ᠮᠠᠯᠴᠢᠨ ᠪᠢ ᠰᠠᠢᠬᠠᠨ ᠭᠡᠵᠦ
ᠲᠠᠷᠭᠤᠨ ᠬᠡᠭᠡᠷ ᠢ᠋ᠶ᠋ᠡᠨ ᠤᠨᠤᠭᠰᠠᠨ ᠰᠢᠭ᠋
ᠲᠠᠰᠢᠭᠤᠷ ᠭᠤᠶᠠᠳᠠᠨ ᠳᠠᠪᠬᠢᠳᠠᠭ ᠰᠠᠨ᠃
ᠢᠷᠡᠯᠲᠡ ᠄ ᠴᠣ᠂ ᠣᠷᠱᠤᠨ ᠤ᠋《ᠮᠠᠯᠴᠢᠨ ᠬᠥᠮᠦᠨ ᠦ᠌ ᠳᠠᠭᠤᠤ 》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024᠂ 03᠂23
