ᠬᠤᠲᠤᠭ ᠪᠤᠶᠠᠨᠲᠤ ᠣᠲᠣᠭ-ᠮᠥᠩᠭᠥᠨᠳᠠᠯᠠᠢХутаг буянт отог-Мөнгөндалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠲᠤᠭ ᠪᠤᠶᠠᠨᠲᠤ ᠣᠲᠣᠭ-ᠮᠥᠩᠭᠥᠨᠳᠠᠯᠠᠢХутаг буянт отог-Мөнгөндалай

ᠬᠤᠲᠤᠭ ᠪᠤᠶᠠᠨᠲᠤ ᠣᠲᠣᠭ-ᠮᠥᠩᠭᠥᠨᠳᠠᠯᠠᠢХутаг буянт отог-Мөнгөндалай

ᠠᠩᠭᠢᠯᠠᠯ:ᠳᠠᠭᠤᠤ ᠬᠥᠭᠵᠢᠮ
2024-03-26

340

ᠬᠤᠲᠤᠭ ᠪᠤᠶᠠᠨᠲᠤ ᠣᠲᠣᠭ

   ᠦᠭᠡ᠄ ᠣᠷᠭᠡᠯᠴᠢᠮᠡᠭ 
   ᠠᠶ᠎ᠠ᠄ ᠪᠠᠶᠠᠨᠴᠡᠩᠭᠡᠯ 
   MIDI ᠬᠥᠭᠵᠢᠮ᠄ ᠮᠥᠩᠭᠥᠨᠱᠠ 
   ᠳᠠᠭᠤᠴᠢᠨ᠄ ᠮᠥᠩᠭᠥᠨᠳᠠᠯᠠᠢ 
ᠲᠩᠷᠢ ᠶ᠋ᠢᠨ ᠬᠠᠶᠠᠭᠠᠨ ᠠ᠋ᠴᠠ ᠵᠠᠯᠭᠠᠯᠳᠤᠭᠰᠠᠨ 
ᠳᠥᠷᠪᠡᠨ ᠥᠨᠳᠥᠷ ᠰᠢᠯᠢ ᠰᠢᠦ  
ᠲᠡᠷᠲᠡᠭᠡ ᠬᠣᠯᠠ ᠠ᠋ᠴᠠ ᠰᠦᠨᠳᠡᠷᠯᠡᠭᠰᠡᠨ  
ᠤᠷᠠᠨ ᠲᠦᠰᠢ ᠶ᠋ᠢᠨ ᠠᠭᠤᠯᠠ ᠰᠢᠦ 
ᠠᠢ ᠬᠦ ᠠᠢ ᠬᠦ 
ᠬᠤᠲᠤᠭ ᠪᠤᠶᠠᠨ ᠲᠠᠢ 
ᠣᠲᠣᠭ ᠨᠤᠲᠤᠭ ᠮᠢᠨᠢ 
ᠳᠥᠯᠭᠡᠬᠡᠨ ᠵᠥᠭᠡᠯᠡᠨ ᠤᠷᠤᠰᠤᠭᠰᠠᠨ
ᠲᠣᠰᠣᠲᠤ ᠭᠣᠣᠯ ᠤ᠋ᠨ ᠤᠰᠤ ᠰᠢᠦ
ᠳᠥᠷᠪᠡᠨ ᠤᠯᠠᠷᠢᠯ ᠢ᠋ᠶ᠋ᠠᠷ ᠣᠨᠳᠣᠷᠤᠭᠰᠠᠨ
ᠴᠠᠭᠠᠨ ᠨᠠᠭᠤᠷ ᠤ᠋ᠨ ᠳᠠᠪᠤᠰᠤ ᠰᠢᠦ
ᠠᠢ ᠬᠦ ᠠᠢ ᠬᠦ
ᠬᠤᠲᠤᠭ ᠪᠤᠶᠠᠨ ᠲᠠᠢ
ᠣᠲᠣᠭ ᠨᠤᠲᠤᠭ ᠮᠢᠨᠢ
ᠡᠭᠡᠯ ᠪᠠᠭ᠎ᠠ ᠶ᠋ᠢ ᠮᠢᠨᠢ ᠪᠣᠳᠣᠭᠳᠠᠭᠤᠯᠤᠭᠰᠠᠨ
ᠡᠷᠢᠶᠡᠨ ᠲᠣᠯᠣᠭᠠᠢ ᠶ᠋ᠢᠨ ᠡᠯᠡᠰᠦ ᠰᠢᠦ
ᠡᠵᠢ ᠠᠪᠤ ᠶ᠋ᠢ ᠮᠢᠨᠢ ᠰᠠᠨᠠᠭᠳᠠᠭᠤᠯᠤᠭᠰᠠᠨ
ᠡᠷᠬᠡᠲᠦ ᠬᠠᠢᠷᠬᠠᠨ ᠤ᠋ ᠪᠠᠷ᠎ᠠ ᠰᠢᠦ
ᠠᠢ ᠬᠦ ᠠᠢ ᠬᠦ
ᠬᠤᠲᠤᠭ ᠪᠤᠶᠠᠨ ᠲᠠᠢ
ᠣᠲᠣᠭ ᠨᠤᠲᠤᠭ ᠮᠢᠨᠢ

   ᠦᠰᠦᠭ ᠠᠮᠢᠯᠠᠭᠤᠯᠤᠭᠴᠢ᠄ ᠪᠠᠳᠠᠷᠠᠯᠲᠤ
   ᠦᠰᠦᠭ ᠬᠠᠲᠠᠵᠤ ᠬᠢᠨᠠᠭᠰᠠᠨ ᠨᠢ᠄ ᠬᠠᠷᠬᠠᠲᠠᠨ ᠷ· ᠴᠢᠷᠮᠠᠢᠯᠲᠤ