ᠢᠷᠠᠭᠤ ᠨᠠᠢᠷᠠᠭ ᠭᠡᠵᠦ᠁-ᠬᠠᠰᠠᠭᠤᠯᠠ Яруу найраг гэж…-Хасуул
ᠢᠷᠠᠭᠤ ᠨᠠᠢᠷᠠᠭ ᠭᠡᠵᠦ
ᠬᠠᠰᠠᠭᠤᠯᠠ
ᠥᠷᠯᠥᠭᠡ ᠶ᠋ᠢᠨ ᠨᠠᠷᠠ ᠶ᠋ᠢ ᠢᠨᠢᠶᠡᠮᠰᠦᠭᠯᠡᠯ ᠢ᠋ᠶ᠋ᠡᠷ ᠤᠭᠲᠤᠬᠤ
ᠥᠷᠥᠴᠡ ᠵᠢᠷᠦᠬᠡᠨ ᠦ᠌ ᠲᠤᠩᠭᠠᠯᠠᠭ ᠭᠡᠭᠡ
ᠦᠳᠡᠰᠢ ᠶ᠋ᠢᠨ ᠰᠠᠷ᠎ᠠ ᠶ᠋ᠢ ᠮᠦᠰᠢᠶᠡᠳᠦ ᠪᠡᠷ ᠲᠤᠰᠬᠤ
ᠥᠭᠭᠢᠶᠡᠮᠦᠷ ᠰᠡᠳᠬᠢᠯ ᠦ᠋ᠨ ᠠᠯᠲᠠᠨ ᠲᠤᠶᠠᠭ᠎ᠠ
ᠤᠤᠭᠠᠯ ᠰᠣᠶᠣᠯ ᠠ᠋ᠴᠠ ᠪᠣᠱᠣᠭ᠎ᠠ ᠬᠡᠢᠮᠣᠷᠢᠯᠡᠬᠦ
ᠠᠰᠠᠨ ᠪᠠᠳᠠᠷᠠᠭᠰᠠᠨ ᠭᠠᠯ ᠤ᠋ᠨ ᠳᠥᠯᠥ
ᠣᠢ ᠤᠬᠠᠭᠠᠨ ᠠ᠋ᠴᠠ ᠢᠪᠢᠯᠦᠨ ᠤᠨᠳᠤᠷᠬᠤ
ᠠᠮᠢᠯᠠᠯ ᠤ᠋ᠨ ᠪᠡᠯᠭᠡᠲᠦ ᠤᠶᠠᠩᠭ᠎ᠠ
ᠴᠠᠭ ᠤ᠋ᠨ ᠤᠷᠤᠰᠬᠠᠯ ᠢ᠋ ᠲᠤᠩᠭᠠᠨ ᠳᠣᠪᠲᠣᠯᠤᠭ᠎ᠠ
ᠰᠡᠷᠭᠦᠯᠡᠩ ᠠᠮᠢᠰᠬᠤᠭ᠎ᠠ ᠲᠠᠢ ᠰᠣᠳᠣᠨ ᠬᠦᠯᠦᠭ
ᠬᠠᠷᠠᠩᠭᠤᠢ ᠭᠡᠭᠡᠨ ᠢ᠋ ᠠᠵᠢᠨ ᠲᠠᠨᠢᠬᠤ
ᠬᠤᠪᠢᠯᠭᠠᠨ ᠰᠢᠳᠢᠲᠦ ᠲᠤᠩᠭᠠᠯᠠᠭ ᠮᠡᠯᠮᠡᠢ
ᠣᠷᠴᠢᠯᠠᠩ ᠢ᠋ ᠲᠣᠯᠢᠳᠠᠵᠤ ᠣᠮᠣᠭᠯᠠᠩ ᠪᠠᠭᠤᠬᠤ
ᠣᠩᠭᠣᠨ ᠲᠩᠷᠢ ᠶ᠋ᠢᠨ ᠬᠦᠴᠦᠲᠦ ᠠᠶᠤᠩᠭ᠎ᠠ
ᠠᠽᠢᠶ᠎ᠠ ᠶ᠋ᠢᠨ ᠡᠯᠢᠭᠡᠨ ᠳ᠋ᠦ᠍ ᠠᠯᠳᠠᠷ ᠢ᠋ᠶ᠋ᠠᠨ ᠡᠷᠭᠦᠭᠰᠡᠨ
ᠡᠷᠳᠡᠨᠢᠲᠦ ᠰᠣᠶᠣᠯ ᠤ᠋ᠨ ᠠᠮᠢᠨ ᠰᠢᠪᠰᠢᠯᠭᠡ
ᠤᠬᠠᠭᠠᠨ ᠤ᠋ ᠰᠠᠨᠰᠠᠷ ᠲᠤ᠌ ᠤᠷᠭᠤᠨ ᠴᠠᠬᠢᠯᠬᠤ
ᠣᠶᠤᠨ ᠤ᠋ ᠭᠡᠷᠡᠯ ᠪᠢᠯᠢᠭ ᠦ᠋ᠨ ᠣᠴᠢ
ᠤᠶᠠᠬᠠᠨ ᠽᠠᠮᠪᠤᠯᠢᠩ ᠢ᠋ ᠤᠶᠠᠩᠭ᠎ᠠ ᠪᠠᠷ ᠬᠡᠯᠬᠢᠬᠦ
ᠤᠷᠠᠯᠢᠭ ᠤ᠋ᠨ ᠰᠢᠵᠢᠮ ᠭᠡᠭᠡᠨ ᠰᠤᠷᠭᠠᠯ
ᠲᠡᠦᠬᠡ ᠶ᠋ᠢᠨ ᠬᠠᠭᠤᠳᠠᠰᠤᠨ ᠳ᠋ᠤ᠌ ᠥᠨᠢ ᠦᠯᠡᠳᠡᠬᠦ
ᠲᠦᠮᠡᠨ ᠣᠨ ᠤ᠋ ᠮᠥᠩᠬᠡ ᠳᠠᠭᠤᠯᠠᠯ
ᠳᠡᠯᠭᠡᠷ ᠰᠣᠶᠣᠯ ᠢ᠋ᠶ᠋ᠠᠨ ᠡᠭᠦᠷᠢᠳᠡ ᠮᠠᠨᠳᠤᠭᠤᠯᠬᠤ
ᠲᠩᠷᠢᠯᠢᠭ ᠵᠠᠶᠠᠭᠠᠨ ᠤ᠋ ᠲᠡᠷᠭᠡᠯ ᠲᠠᠪᠢᠯᠠᠩ
ᠲᠠᠯ᠎ᠠ ᠪᠠᠨ ᠬᠠᠷᠠᠵᠤ ᠠᠭᠤᠯᠠ ᠪᠠᠨ ᠳᠠᠭᠤᠯᠠᠬᠤ
ᠲᠠᠩᠰᠤᠭ ᠪᠠᠶᠠᠨ ᠨᠤᠲᠤᠭ ᠤ᠋ᠨ ᠵᠢᠷᠤᠭ
ᠢᠷᠡᠭᠡᠳᠦᠢ ᠪᠡᠨ ᠵᠣᠷᠢᠵᠤ ᠦᠢᠯᠡᠰ ᠢ᠋ᠶ᠋ᠡᠨ ᠵᠥᠩᠨᠡᠬᠦ
ᠢᠲᠡᠭᠡᠯ ᠰᠡᠳᠬᠢᠯ ᠦ᠋ᠨ ᠰᠦᠨ ᠰᠠᠴᠤᠯᠢ
ᠦᠰᠦᠭ ᠠᠮᠢᠯᠠᠭᠤᠯᠤᠭᠴᠢ᠄ ᠭᠡᠭᠡᠷᠡᠯ
ᠬᠢᠨᠠᠭᠴᠢ᠄ ᠰᠡᠬᠡᠭᠡᠷᠡᠯ᠂ ᠣᠳᠬᠠᠨᠰᠣ᠎ᠠ
