ᠡᠭᠦᠷᠢᠳᠡ ᠶ᠋ᠢᠨ ᠲᠤᠰᠠ ᠶ᠋ᠢ ᠪᠣᠳᠣᠪᠠᠯ ᠲᠡᠭᠰᠢ ᠶ᠋ᠢᠨ ᠨᠣᠮ ᠢ᠋ ᠬᠢᠴᠢᠶᠡᠭᠡᠷᠡᠢ-ᠨᠣᠶᠠᠨ ᠬᠤᠲᠤᠭᠲᠤ ᠷᠠᠪᠵᠠᠢҮүрдийн тусыг бодвол тэгшийн номыг хичээгээрэй-Ноён хутагт Равжээ
ᠡᠭᠦᠷᠢᠳᠡ ᠶ᠋ᠢᠨ ᠲᠤᠰᠠ ᠶ᠋ᠢ ᠪᠣᠳᠣᠪᠠᠯ ᠲᠡᠭᠰᠢ ᠶ᠋ᠢᠨ ᠨᠣᠮ ᠢ᠋ ᠬᠢᠴᠢᠶᠡᠭᠡᠷᠡᠢ-ᠨᠣᠶᠠᠨ ᠬᠤᠲᠤᠭᠲᠤ ᠷᠠᠪᠵᠠᠢ
ᠨᠣᠶᠠᠨ ᠬᠤᠲᠤᠭᠲᠤ ᠷᠠᠪᠵᠠᠢ
ᠠᠯᠢᠪᠠ ᠬᠥᠮᠦᠨ ᠦ᠌ ᠡᠮᠦᠨ᠎ᠡ ᠪᠣᠭᠣᠯ ᠮᠡᠲᠦ ᠳᠣᠣᠷᠠᠲᠤ ᠰᠠᠭᠤᠷᠢ ᠪᠠᠷᠢᠵᠤ ᠪᠠᠢ᠂
ᠠᠳᠤᠭᠤ ᠮᠡᠲᠦ ᠣᠷᠣᠢ ᠤᠨᠲᠠᠵᠤ ᠰᠢᠪᠠᠭᠤ ᠮᠡᠲᠦ ᠡᠷᠲᠡ ᠪᠣᠰᠴᠤ ᠪᠠᠢ᠂
ᠳᠠᠶᠠᠭᠠᠷ ᠪᠦᠬᠦᠨ ᠮᠠᠭᠲᠠᠪᠠᠯ ᠦᠬᠦᠳᠡᠯ ᠮᠡᠲᠦ ᠵᠣᠷᠢᠭ ᠦᠭᠡᠢ ᠶᠠᠪᠤ᠂
ᠳᠠᠢᠰᠤᠨ ᠪᠦᠬᠦᠨ ᠮᠠᠭᠤᠯᠠᠪᠠᠯ ᠠᠭᠤᠯᠠ ᠮᠡᠲᠦ ᠬᠥᠳᠡᠯᠦᠭᠡ ᠦᠭᠡᠢ ᠳᠡᠰ ᠂
ᠬᠠᠮᠤᠭ ᠶᠣᠰᠣ ᠪᠠᠨ ᠬᠠᠵᠠᠢᠯᠭᠠᠯ ᠦᠭᠡᠢ ᠬᠠᠭᠠᠨ ᠬᠥᠮᠦᠨ ᠰᠢᠭ ᠪᠠᠢ᠂
ᠬᠠᠷᠠᠯᠭᠠᠨ ᠰᠣᠬᠣᠷ ᠮᠡᠲᠦ ᠪᠡᠷ ᠪᠤᠰᠤᠳ ᠤ᠋ᠨ ᠮᠠᠭᠤ ᠶ᠋ᠢ ᠬᠠᠷᠠᠬᠤ ᠦᠭᠡᠢ ᠶᠠᠪᠤ ᠂
ᠳᠡᠭᠡᠳᠦᠰ ᠲᠣᠷ ᠵᠢᠰᠦᠷᠳᠡᠬᠦ ᠶ᠋ᠢ ᠲᠡᠪᠴᠢᠵᠦ ᠭᠠᠯᠵᠠᠭᠤ ᠬᠥᠮᠦᠨ ᠰᠢᠭ ᠪᠠᠢ ᠂
ᠥᠪᠡᠷ ᠦ᠋ᠨ ᠡᠷᠳᠡᠮ ᠢ᠋ ᠠᠭᠤᠷᠬᠠᠢ ᠶ᠋ᠢᠨ ᠰᠠᠩ ᠰᠢᠭ᠋ ᠳᠠᠯᠳᠠᠯᠠᠨ ᠶᠠᠪᠤ᠂
ᠥᠷᠢ ᠲᠡᠢ ᠬᠥᠮᠦᠨ ᠰᠢᠭ ᠡᠳ᠋ ᠲᠠᠸᠠᠷ ᠤ᠋ᠨ ᠥᠭᠯᠢᠭᠡ ᠲᠠᠩᠳᠠ ᠥᠭᠴᠦ ᠶᠠᠪᠤ᠂
ᠵᠣᠪᠠᠵᠤ ᠪᠠᠢᠭ᠎ᠠ ᠨᠥᠬᠥᠷ ᠲᠦ᠍ ᠰᠠᠳᠤᠨ ᠰᠦᠯᠪᠡᠭᠡᠲᠡᠨ ᠮᠡᠲᠦ ᠲᠤᠰᠠᠯᠠᠵᠤ ᠪᠠᠢ᠂
ᠵᠣᠷᠢᠭ ᠢ᠋ᠶ᠋ᠠᠷ ᠢ᠋ᠶ᠋ᠠᠨ ᠭᠡᠷᠦᠨ ᠬᠡᠰᠦᠵᠦ ᠣᠷᠣᠨ ᠮᠠᠭᠠᠳ ᠦᠭᠡᠢ ᠭᠥᠷᠥᠭᠡᠰᠦ ᠰᠢᠭ ᠶᠠᠪᠤ᠂
ᠵᠣᠷᠢᠭᠤᠳᠠ ᠬᠣᠣᠷ ᠢᠳᠡᠭᠰᠡᠨ ᠮᠡᠲᠦ ᠦᠬᠦᠬᠦ ᠮᠠᠭᠠᠳ ᠦᠭᠡᠢ ᠶ᠋ᠢ ᠪᠣᠳᠣ ᠂
ᠭᠢᠨᠳᠠᠨ ᠳ᠋ᠤᠷ ᠴᠢᠩᠭᠠᠯᠠᠭᠳᠠᠭᠰᠠᠨ ᠮᠡᠲᠦ ᠡᠨᠡ ᠣᠷᠴᠢᠯᠠᠩ ᠠ᠋ᠴᠠ ᠤᠢᠳᠴᠤ ᠶᠠᠪᠤ᠂
ᠭᠡᠮᠲᠦ ᠮᠠᠭᠤ ᠨᠥᠬᠥᠷ ᠢ᠋ ᠦᠰᠲᠡᠨ ᠳ᠋ᠦ᠍ᠷ ᠦᠵᠡᠵᠦ ᠰᠡᠮᠡᠬᠡᠷ ᠬᠣᠯᠠᠳᠠᠵᠤ ᠵᠠᠢᠯᠠ᠂
ᠠᠷᠢᠭᠤᠨ ᠭᠦᠨ ᠤᠪᠠᠳᠢᠰ ᠢ᠋ ᠷᠠᠰᠢᠶᠠᠨ ᠮᠡᠲᠦ ᠦᠷᠭᠦᠯᠵᠢ ᠤᠤᠭᠤᠵᠤ ᠶᠠᠪᠤ᠂
ᠠᠮᠢᠰᠬᠤᠯᠯᠠᠬᠤ ᠵᠠᠪ ᠦᠭᠡᠢ ᠮᠡᠲᠦ ᠪᠡᠷ ᠰᠠᠢᠨ ᠮᠥᠷ ᠢ᠋ ᠪᠢᠰᠢᠯᠭᠠᠵᠤ ᠶᠠᠪᠤ᠃
ᠦᠰᠦᠭ ᠠᠮᠢᠯᠠᠭᠤᠯᠤᠭᠴᠢ᠄ ᠲ· ᠲᠦᠮᠡᠨᠴᠡᠴᠡᠭ
ᠬᠢᠨᠠᠭᠴᠢ᠄ ᠠᠵᠠᠵᠠᠶᠠᠭᠡ
