ᠨᠠᠷᠠᠰᠤНарс

ᠨᠠᠷᠠᠰᠤ ( ᠬᠠᠷ᠎ᠠ ᠨᠠᠷᠠᠰᠤ)
ᠨᠠᠷᠠᠰᠤ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂ 10—25m ᠥᠨᠳᠥᠷ᠃ ᠤᠤᠯ ᠵᠢᠯ ᠦ᠋ᠨ ᠮᠥᠴᠢᠷ ᠨᠢ ᠭᠦᠢᠬᠡᠨ ᠤᠯᠠᠭᠠᠨ ᠬᠦᠷᠡᠩ ᠪᠤᠶᠤ ᠴᠠᠢᠪᠤᠷ ᠰᠢᠷ᠎ᠠ᠂ ᠦᠰᠦ ᠦᠭᠡᠢ᠃ ᠡᠪᠦᠯ ᠦ᠋ᠨ ᠨᠠᠬᠢᠶ᠎ᠠ ᠨᠢ ᠤᠯᠠᠭᠠᠨ ᠬᠦᠷᠡᠩ᠃ ᠰᠢᠯᠮᠦᠦᠰᠦ ᠨᠢ ᠬᠣᠶᠠᠷ ᠢ᠋ᠶ᠋ᠠᠷ ᠨᠢᠭᠡ ᠪᠠᠭᠴᠠ ᠪᠤᠶᠤ ᠬᠠᠶᠠ ᠭᠤᠷᠪᠠ ᠭᠤᠷᠪᠠ ᠪᠠᠷ ᠨᠢᠭᠡ ᠪᠠᠭᠴᠠ ᠪᠣᠯᠵᠤ ᠤᠷᠭᠤᠨ᠎ᠠ᠂ 8—15cm ᠤᠷᠲᠤ᠂ ᠬᠣᠶᠠᠷ ᠲᠠᠯ᠎ᠠ ᠳ᠋ᠠᠭᠠᠨ ᠪᠦᠷ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ ᠪᠥᠭᠡᠳ ᠬᠥᠪᠡᠭᠡ ᠳᠠᠭᠠᠤ ᠳ᠋ᠠᠭᠠᠨ ᠪᠠᠷᠤᠭ ᠠᠷᠪᠠᠨ ᠪᠣᠬᠢ ᠶ᠋ᠢᠨ ᠬᠣᠭᠣᠯᠠᠢ ᠲᠠᠢ᠃ ᠨᠠᠪᠴᠢᠨ ᠤ᠋ ᠲᠣᠭᠳᠣᠢ ᠨᠢ ᠥᠨᠢᠳᠡ ᠦᠯᠡᠳᠡᠨ᠎ᠡ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ ᠮᠥᠷᠲᠡᠭᠡᠨ ᠨᠢᠯᠬ᠎ᠠ ᠮᠥᠴᠢᠷ ᠦ᠋ᠨ ᠤᠭ ᠲᠤ ᠪᠠᠭᠯᠠᠷᠠᠨ ᠤᠷᠭᠤᠨ᠎ᠠ᠂ ᠤᠯᠠᠪᠤᠷ ᠰᠢᠷ᠎ᠠ ᠪᠤᠶᠤ ᠭᠦᠢᠬᠡᠨ ᠰᠢᠷ᠎ᠠ ᠬᠦᠷᠡᠩ᠃ ᠡᠮ᠎ᠡ ᠪᠠᠭ ᠴᠡᠴᠡᠭ ᠨᠢ ᠪᠥᠮᠪᠥᠭᠡᠯᠢᠭ ᠪᠤᠶᠤ ᠥᠨᠳᠡᠭᠡᠯᠵᠢᠨ᠂ ᠰᠢᠨᠡᠬᠡᠨ ᠮᠥᠴᠢᠷ ᠦ᠋ᠨ ᠣᠷᠣᠢ ᠳ᠋ᠤ᠌ ᠭᠠᠭᠴᠠᠭᠠᠷ ᠪᠤᠶᠤ ᠬᠡᠳᠦ ᠬᠡᠳᠦ ᠪᠡᠷ ᠪᠠᠭᠯᠠᠷᠠᠨ ᠤᠷᠭᠤᠨ᠎ᠠ᠃ ᠪᠣᠷᠭᠣᠴᠣᠭ ᠨᠢ ᠥᠨᠳᠡᠭᠡᠯᠵᠢᠨ ᠪᠥᠭᠡᠷᠡᠩᠬᠡᠢ᠂ 4—10cm ᠤᠷᠲᠤ᠂ ᠬᠠᠷᠠᠪᠲᠤᠷ ᠬᠦᠷᠡᠩ᠂ ᠮᠥᠩᠬᠡ ᠣᠷᠣᠰᠢᠨ᠎ᠠ᠃ ᠦᠷ᠎ᠡ ᠶ᠋ᠢᠨ ᠬᠠᠢᠷᠰᠤ ᠨᠢ ᠵᠢᠰᠢᠭᠦᠦ ᠳᠥᠷᠪᠡᠯᠵᠢᠨ ᠪᠤᠶᠤ ᠲᠡᠭᠰᠢ ᠪᠤᠰᠤ ᠲᠠᠪᠤᠨ ᠲᠠᠯ᠎ᠠ ᠲᠠᠢ ᠪᠠ ᠲᠡᠭᠦᠨ ᠦ᠌ ᠬᠠᠢᠷᠰᠤᠨ ᠪᠠᠮᠪᠠᠢ ᠨᠢ ᠮᠢᠬᠠᠯᠢᠭ ᠵᠤᠵᠠᠭᠠᠨ ᠮᠥᠷᠲᠡᠭᠡᠨ ᠢᠯᠡᠬᠡᠨ ᠬᠥᠨᠳᠡᠯᠡᠨ ᠭᠦᠳᠦᠭᠦᠷ ᠲᠡᠢ᠃ ᠬᠠᠢᠷᠰᠤᠨ ᠤ᠋ ᠬᠦᠢᠰᠦ ᠨᠢ ᠳᠣᠪᠣᠢᠭᠰᠠᠨ ᠮᠥᠷᠲᠡᠭᠡᠨ ᠥᠷᠭᠡᠰᠦ ᠰᠢᠭ ᠦᠵᠦᠭᠦᠷ ᠲᠡᠢ᠃ ᠦᠷ᠎ᠡ ᠨᠢ ᠥᠨᠳᠡᠭᠡᠯᠵᠢᠨ᠂ 6—8cm ᠤᠷᠲᠤ᠂ ᠬᠦᠷᠡᠩ ᠪᠣᠯᠪᠠᠴᠤ ᠠᠯᠠᠭ ᠠᠷ ᠲᠠᠢ᠃ ᠦᠷ᠎ᠡ ᠶ᠋ᠢᠨ ᠳᠠᠯᠠᠪᠴᠢ ᠨᠢ ᠲᠠᠯ᠎ᠠ ᠰᠠᠷ᠎ᠠ ᠮᠡᠲᠦ᠂ 10—15mm ᠤᠷᠲᠤ ᠪᠥᠭᠡᠳ ᠪᠣᠷᠣ ᠬᠦᠷᠡᠩ ᠪᠤᠶᠤ ᠬᠦᠷᠡᠩ ᠥᠩᠭᠡᠲᠡᠢ ᠭᠠᠩ ᠬᠠᠭᠤᠷᠠᠢ ᠮᠥᠷᠲᠡᠭᠡᠨ ᠬᠠᠢᠷ ᠴᠢᠯᠠᠭᠤᠲᠤ ᠠᠭᠤᠯᠠ ᠶ᠋ᠢᠨ ᠬᠠᠵᠠᠭᠤ ᠳ᠋ᠤ᠌ ᠰᠠᠢᠨ ᠤᠷᠭᠤᠨ᠎ᠠ᠃
ᠬᠤᠵᠢᠷᠯᠢᠭ ᠬᠥᠷᠥᠰᠥᠨ ᠳ᠋ᠦ᠍ ᠬᠠᠮᠤᠭ ᠤ᠋ᠨ ᠮᠠᠭᠤ ᠶᠤᠮ᠃
ᠮᠠᠨ ᠤ᠋ ᠤᠯᠤᠰ ᠤ᠋ᠨ ᠥᠪᠥᠷ ᠮᠣᠩᠭᠣᠯ᠂ ᠯᠢᠶᠣᠤᠨᠢᠩ᠂ ᠾᠧᠪᠧᠢ᠂ ᠾᠧᠨᠠᠨ᠂ ᠱᠠᠨᠳᠦ᠋ᠩ᠂ ᠱᠠᠨ ᠰᠢ᠂ ᠱᠠᠨᠰᠢ᠂ ᠭᠠᠨᠰᠦ᠂ ᠬᠥᠬᠡᠨᠠᠭᠤᠷ᠂ ᠰᠧᠴᠤᠸᠠᠨ ᠵᠡᠷᠭᠡ ᠮᠣᠵᠢ ᠣᠷᠣᠨ ᠳ᠋ᠤ᠌ ᠤᠷᠭᠤᠳᠠᠭ᠃
ᠮᠣᠳᠣ ᠶ᠋ᠢ ᠪᠠᠷᠢᠯᠭ᠎ᠠ᠂ ᠴᠠᠬᠢᠯᠭᠠᠨ ᠤᠲᠠᠰᠤᠨ ᠤ᠋ ᠪᠠᠭᠠᠨ᠎ᠠ᠂ ᠳᠡᠷᠡ ᠮᠣᠳᠣ ᠵᠡᠷᠭᠡ ᠳ᠋ᠦ᠍ ᠬᠡᠷᠡᠭᠯᠡᠨ᠎ᠡ᠃ ᠴᠡᠴᠡᠭ ᠦ᠋ᠨ ᠲᠣᠭᠣᠰᠣ᠂ ᠳᠠᠪᠠᠷᠬᠠᠢ᠂ ᠨᠠᠷᠠᠰᠤᠨ ᠪᠣᠬᠢ ᠵᠡᠷᠭᠡ ᠨᠢ ᠳ᠋ᠦ᠍ ᠣᠷᠣᠨ᠎ᠠ ᠃
ᠦᠷ᠎ᠡ ᠳ᠋ᠦ᠍ᠨᠢ30—40% ᠤ᠋ ᠲᠣᠰᠣ ᠲᠠᠢ᠂ ᠰᠢᠬᠠᠵᠤ ᠠᠪᠤᠭᠠᠳ ᠢᠳᠡᠵᠦ ᠪᠣᠯᠤᠨ᠎ᠠ᠃ ᠪᠠᠰᠠ ᠠᠵᠤ ᠦᠢᠯᠡᠳᠪᠦᠷᠢ ᠳ᠋ᠦ᠍ ᠠᠰᠢᠭᠯᠠᠨ᠎ᠠ᠃
ᠬᠢᠲᠠᠳ ᠨᠡᠷ᠎ᠡ᠄ 油松
ᠠᠩᠭ᠌ᠯᠢ ᠨᠡᠷ᠎ᠡ᠄ Pinus tabuliformis Carr.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠴᠠᠭᠠᠨ ᠲᠤᠶᠠᠭ᠎ᠠ
