ᠵᠥᠪ ᠪᠢᠴᠢᠯᠭᠡ ᠶ᠋ᠢᠨ ᠬᠣᠯᠪᠣᠭ᠎ᠠ ᠮᠢᠨᠢ-ᠦᠵᠦᠮᠦᠴᠢᠨЗөв бичлэгийн холбоо минь-Үзэмчин
ᠵᠥᠪ ᠪᠢᠴᠢᠯᠭᠡ ᠶ᠋ᠢᠨ ᠬᠣᠯᠪᠣᠭ᠎ᠠ ᠮᠢᠨᠢ
19 ᠳ᠋ᠦ᠍ᠭᠡᠷ ᠬᠣᠯᠪᠣᠭ᠎ᠠ ᠶ᠋ᠢᠨ— ᠦᠵᠦᠮᠦᠴᠢᠨ ᠡᠴᠡ
ᠪᠣᠰᠤᠭ᠎ᠠ ᠮᠣᠩᠭᠣᠯ ᠦᠰᠦᠭ ᠢ᠋ᠶ᠋ᠡᠨ
ᠪᠣᠯᠪᠠᠰᠤᠷᠠᠵᠤ ᠪᠢᠴᠢᠳᠡᠭ ᠬᠣᠯᠪᠣᠭ᠎ᠠ
ᠪᠤᠷᠤᠭᠤ ᠠᠯᠳᠠᠭ᠎ᠠ ᠲᠠᠢ ᠵᠦᠢᠯᠡᠰ ᠢ᠋
ᠪᠣᠯᠭᠣᠭᠠᠵᠤ ᠵᠠᠯᠠᠷᠠᠭᠤᠯᠳᠠᠭ ᠬᠣᠯᠪᠣᠭ᠎ᠠ
ᠳᠠᠭᠠᠭᠠᠮᠠᠭᠠᠢ ᠲᠡᠰᠪᠦᠷᠢ ᠲᠡᠢ ᠵᠢᠯᠣᠭᠣᠳᠳᠠᠭ
ᠰᠣᠳᠣᠨ ᠳᠠᠭᠠᠭᠤᠯᠤᠭᠴᠢ ᠪᠠᠭᠰᠢ ᠨᠠᠷ ᠲᠠᠢ
ᠳᠠᠭᠠᠭᠠᠯᠭᠠᠪᠤᠷᠢ ᠪᠣᠯᠪᠠᠰᠤᠷᠠᠯ ᠢ᠋ᠶ᠋ᠠᠨ ᠭᠦᠢᠴᠡᠳᠬᠡᠳᠡᠭ
ᠣᠯᠠᠨ ᠰᠠᠢᠬᠠᠨ ᠬᠣᠯᠪᠣᠭᠠᠴᠢᠳ ᠲᠠᠢ
ᠮᠣᠩᠭᠣᠯ ᠰᠣᠶᠣᠯ ᠢ᠋ᠶ᠋ᠠᠨ ᠭᠡᠵᠦ ᠵᠢᠳᠬᠦᠭᠰᠡᠨ
ᠮᠢᠨᠦ ᠪᠠᠭᠰᠢ ᠨᠠᠷ ᠪᠢᠰᠢᠷᠡᠭᠦᠰᠢᠲᠡᠢ
ᠪᠣᠰᠤᠭ᠎ᠠ ᠪᠠᠷ ᠪᠢᠴᠢᠨ᠎ᠡ ᠭᠡᠵᠦ ᠴᠢᠷᠮᠠᠢᠭᠰᠠᠨ
ᠮᠠᠨ ᠤ᠋ ᠬᠣᠯᠪᠣᠭᠠᠴᠢᠳ ᠮᠠᠭᠲᠠᠭᠤᠰᠢᠲᠠᠢ
ᠨᠠᠢᠷᠠᠭ ᠤᠶᠠᠩᠭ᠎ᠠ ᠶ᠋ᠢᠨ ᠡᠬᠡᠰᠢᠭ ᠢ᠋ᠶ᠋ᠡᠷ
ᠨᠠᠢᠷ ᠬᠥᠷ ᠪᠢᠯᠬᠠᠭᠰᠠᠨ
ᠪᠠᠶᠠᠷ ᠴᠡᠩᠭᠡᠯᠲᠦ ᠲᠣᠭᠯᠠᠭᠠᠮ ᠢ᠋ᠶ᠋ᠠᠷ
ᠪᠦᠭᠦᠳᠡ ᠣᠯᠠᠨ ᠢ᠋ᠶ᠋ᠠᠨ ᠤᠷᠮᠠᠰᠢᠭᠤᠯᠤᠭᠰᠠᠨ
ᠤᠯᠠᠮᠵᠢᠯᠠᠯᠲᠤ ᠮᠣᠩᠭᠣᠯ ᠰᠣᠶᠣᠯ ᠢ᠋ᠶ᠋ᠠᠨ
ᠤᠯᠠᠮᠵᠢᠯᠠᠵᠤ ᠬᠥᠭᠵᠢᠭᠦᠯᠬᠦ ᠶ᠋ᠢ ᠵᠣᠷᠢᠭᠰᠠᠨ
ᠪᠣᠰᠤᠭ᠎ᠠ ᠮᠣᠩᠭᠣᠯ ᠦᠰᠦᠭ ᠢ᠋ᠶ᠋ᠡᠨ
ᠪᠠᠲᠤᠳᠬᠠᠨ ᠪᠡᠬᠢᠵᠢᠭᠦᠯᠬᠦ ᠪᠡᠷ ᠮᠡᠷᠡᠢᠭᠰᠡᠨ
ᠰᠠᠢᠬᠠᠨ ᠬᠣᠯᠪᠣᠭ᠎ᠠ ᠰᠣᠳᠣᠨ ᠬᠣᠯᠪᠣᠭ᠎ᠠ
ᠰᠠᠶ᠎ᠠ ᠲᠦᠮᠡᠨ ᠳ᠋ᠡᠭᠡᠨ ᠳᠠᠭᠤᠷᠢᠶᠠᠯ ᠲᠠᠢ ᠬᠣᠯᠪᠣᠭ᠎ᠠ
ᠮᠣᠩᠭᠣᠯ ᠬᠣᠯᠪᠣᠭ᠎ᠠ ᠮᠠᠨ ᠤ᠋ ᠬᠣᠯᠪᠣᠭ᠎ᠠ
ᠮᠥᠩᠬᠡᠳᠡ ᠣᠷᠣᠰᠢᠬᠤ ᠮᠠᠨᠳᠤᠯᠲᠤ ᠬᠣᠯᠪᠣᠭ᠎ᠠ
ᠬᠦᠨᠳᠦᠲᠦ ᠣᠯᠠᠨ ᠪᠠᠭᠰᠢ ᠨᠠᠷ ᠤ᠋ᠨ ᠢ᠋ᠶ᠋ᠠᠨ
ᠬᠥᠳᠡᠯᠮᠦᠷᠢ ᠬᠦᠴᠦ ᠶ᠋ᠢ ᠨᠢ ᠨᠠᠨᠳᠢᠩᠨᠠᠶ᠎ᠠ
ᠬᠥᠬᠡ ᠮᠣᠩᠭᠣᠯ ᠤ᠋ᠨ ᠢ᠋ᠶ᠋ᠠᠨ ᠰᠣᠶᠣᠯ ᠢ᠋
ᠬᠥᠭᠵᠢᠭᠡᠨ ᠪᠠᠳᠠᠷᠠᠭᠤᠯᠤᠶ᠎ᠠ ᠬᠠᠮᠲᠤ ᠪᠠᠷ ᠢ᠋ᠶ᠋ᠠᠨ᠃
2024 ᠣᠨ ᠤ᠋2 ᠰᠠᠷ᠎ᠠ ᠶ᠋ᠢᠨ1 ᠦ᠌ ᠡᠳᠦᠷ ᠪᠠᠷᠠᠭᠤᠨ ᠦᠵᠦᠮᠦᠴᠢᠨᠡ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠳᠬᠠᠨᠰᠣ᠎ᠠ
