ᠰᠢᠨ᠎ᠡ ᠣᠨ ᠤ᠋ ᠢᠷᠥᠭᠡᠯ-ᠬᠡᠷᠢᠶᠡᠳ ᠭᠧᠯᠢᠭᠰᠠᠩᠪᠤᠤШинэ оны ерөөл-Хэрээд Гелигсамбуу ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠣᠨ ᠤ᠋ ᠢᠷᠥᠭᠡᠯ-ᠬᠡᠷᠢᠶᠡᠳ ᠭᠧᠯᠢᠭᠰᠠᠩᠪᠤᠤШинэ оны ерөөл-Хэрээд Гелигсамбуу

ᠰᠢᠨ᠎ᠡ ᠣᠨ ᠤ᠋ ᠢᠷᠥᠭᠡᠯ-ᠬᠡᠷᠢᠶᠡᠳ ᠭᠧᠯᠢᠭᠰᠠᠩᠪᠤᠤШинэ оны ерөөл-Хэрээд Гелигсамбуу

2024-03-25

315

ᠰᠢᠨ᠎ᠡ ᠣᠨ ᠤ᠋ ᠢᠷᠦᠭᠡᠯ

        ( ᠬᠥᠬᠡ ᠯᠤᠤ ᠵᠢᠯ) 
   ᠬᠡᠷᠢᠶᠡᠳ ᠭᠧᠯᠢᠭᠰᠠᠩᠪᠤᠤ 

ᠰᠢᠵᠢᠷ ᠨᠠᠷᠠᠨ ᠤ᠋ ᠤᠯᠠᠪᠤᠷ ᠲᠤᠶᠠᠭ᠎ᠠ 
ᠶᠢᠷᠲᠢᠨᠴᠦ ᠳᠡᠯᠡᠬᠡᠢ ᠶ᠋ᠢ ᠭᠡᠢᠭᠦᠯᠦᠨᠡᠮ 
ᠰᠢᠨ᠎ᠡ ᠣᠨ ᠤ᠋ ᠠᠯᠲᠠᠨ ᠪᠣᠱᠣᠭ᠎ᠠ 
ᠢᠪᠡᠭᠡᠯ ᠬᠠᠢᠷ᠎ᠠ ᠪᠠᠷ ᠪᠢᠯᠬᠠᠨᠠᠮ 

ᠣᠭᠲᠠᠷᠭᠤᠢ ᠶ᠋ᠢᠨ ᠴᠡᠩᠬᠡᠷ ᠠᠭᠤᠳᠠᠮ ᠵᠠᠢ ᠳ᠋ᠤ᠌ 
ᠭᠠᠯᠠᠭᠤᠳ ᠤᠮᠠᠷ᠎ᠠ ᠶ᠋ᠢ ᠵᠣᠷᠢᠨ᠎ᠠ 
ᠤᠰᠤ ᠭᠣᠣᠯ ᠤᠶᠠᠷᠠᠨ ᠰᠤᠨᠤᠯᠵᠠᠵᠤ 
ᠬᠠᠨᠠᠭᠠᠷ ᠬᠠᠳᠠᠭ ᠮᠢᠷᠠᠯᠵᠠᠨᠠᠮ 

ᠤᠨᠢᠶᠠᠷ ᠢ᠋ᠶ᠋ᠠᠷ ᠬᠣᠯᠪᠣᠭᠳᠠᠭᠰᠠᠨ ᠣᠪᠣᠭ᠎ᠠ ᠬᠠᠢᠷᠬᠠᠨ 
ᠦᠯᠡᠮᠵᠢ ᠪᠤᠶᠠᠨ ᠤᠨᠳᠤᠷᠤᠨᠠᠮ 
ᠤᠲᠤᠭ᠎ᠠ ᠰᠤᠭᠤᠨᠠᠭᠯᠠᠭᠰᠠᠨ ᠮᠣᠩᠭᠣᠯ ᠠᠢᠯ ᠤ᠋ᠨ 
ᠤᠶᠠᠭᠠᠨ ᠳ᠋ᠤ᠌ ᠮᠣᠷᠢᠳ ᠦᠦᠷᠰᠡᠨ᠎ᠡ 

ᠤᠷᠢᠬᠠᠨ ᠰᠠᠯᠬᠢ ᠤᠯᠠᠷᠢᠯ ᠤ᠋ᠨ ᠥᠩᠭᠡ ᠪᠡᠷ
ᠨᠤᠲᠤᠭ ᠤ᠋ᠨ ᠡᠯᠢᠭᠡᠨ ᠳ᠋ᠦ᠍ ᠬᠣᠷᠭᠣᠳᠠᠨ᠎ᠠ
ᠤᠳᠠᠨ ᠤ᠋ ᠰᠠᠯᠠᠭᠠᠨ ᠳ᠋ᠤ᠌ ᠱᠠᠭᠠᠵᠠᠭᠠᠢ ᠱᠠᠭᠰᠢᠵᠤ
ᠭᠡᠢᠴᠢᠨ ᠵᠣᠴᠢᠳ ᠠᠢᠯᠴᠢᠯᠠᠨ᠎ᠠ

ᠣᠷᠭᠢᠯ ᠤ᠋ᠨ ᠴᠠᠭᠠᠨ᠎ᠠ ᠠ᠋ᠴᠠ ᠡᠭᠦᠯᠡᠰ ᠬᠥᠪᠦᠯᠵᠡᠵᠦ
ᠬᠤᠷ᠎ᠠ ᠶ᠋ᠢᠨ ᠠᠨᠢᠷ ᠨᠠᠭᠠᠰᠢᠯᠠᠨ᠎ᠠ
ᠣᠳᠣᠳ ᠤ᠋ᠨ ᠨᠠᠭᠠᠭᠤᠷ ᠯᠤᠤ ᠮᠠᠭᠰᠢᠵᠤ
ᠬᠣᠷᠸ᠎ᠠ ᠳᠡᠯᠡᠬᠡᠢ ᠲᠠᠢᠪᠤᠰᠢᠷᠠᠨ᠎ᠠ

ᠤᠯᠠᠮᠵᠢᠯᠠᠯᠲᠤ ᠰᠠᠢᠬᠠᠨ ᠴᠠᠭᠠᠨ ᠰᠠᠷ᠎ᠠ ᠪᠠᠷ
ᠤᠯᠤᠰ ᠳᠠᠶᠠᠭᠠᠷ ᠢ᠋ᠶ᠋ᠠᠨ ᠪᠠᠶᠠᠰᠤᠯᠴᠠᠨᠠᠮ
ᠤᠬᠠᠭᠠᠨᠲᠤ ᠪᠤᠭᠤᠷᠤᠯᠴᠤᠳ ᠤ᠋ᠨ ᠢᠷᠦᠭᠡᠯ ᠵᠥᠩᠨᠡᠯ
ᠤᠴᠠᠷᠠᠯ ᠪᠦᠬᠦᠨ ᠳ᠋ᠦ᠍ ᠲᠣᠭᠲᠠᠬᠤ ᠪᠣᠯᠲᠤᠭᠠᠢ!
ᠵᠠ!
ᠡᠨᠡ ᠬᠦ᠌ ᠬᠡᠢᠮᠣᠷᠢ ᠬᠤᠷᠤᠢᠯᠠᠭᠰᠠᠨ ᠪᠤᠶᠠᠨᠲᠤ ᠴᠠᠭᠠᠨ ᠰᠠᠷ᠎ᠠ ᠳ᠋ᠠᠭᠠᠨ
ᠡᠷᠡᠭᠦᠯ ᠰᠠᠷᠠᠭᠤᠯ ᠪᠡᠶ᠎ᠡ ᠮᠠᠬᠠᠪᠣᠳ ᠲᠠᠢ
ᠡᠯᠪᠡᠭ ᠪᠠᠶᠠᠨ ᠮᠠᠯ ᠬᠥᠷᠥᠩᠭᠡ ᠲᠡᠢ
ᠥᠭᠡᠳᠡ ᠡᠰᠡᠷᠡᠭ ᠮᠠᠨᠳᠤᠵᠤ ᠶᠠᠪᠤ

ᠡᠷᠦᠬᠡ ᠭᠡᠷ ᠦ᠋ᠨ ᠬᠣᠢᠮᠣᠷ ᠴᠢᠨᠢ
ᠪᠤᠷᠬᠠᠨ ᠤ᠋ ᠭᠡᠭᠡ ᠲᠣᠰᠴᠤ
ᠡᠭᠦᠷᠢᠳᠡ ᠥᠯᠵᠡᠢ ᠬᠤᠲᠤᠭ ᠣᠷᠣᠰᠢᠵᠤ
ᠪᠣᠳᠣᠭᠰᠠᠨ ᠰᠠᠨᠠᠭᠰᠠᠨ ᠴᠢᠨᠢ ᠪᠡᠶᠡᠯᠡᠭᠳᠡᠵᠦ ᠶᠠᠪᠤ

ᠣᠷᠣᠨ ᠭᠠᠵᠠᠷ ᠢ᠋ᠶ᠋ᠠᠨ ᠬᠠᠢᠷᠠᠯᠠᠵᠤ ᠶᠠᠪᠤ
ᠣᠪᠣᠭ᠎ᠠ ᠬᠠᠢᠷᠬᠠᠨ ᠳ᠋ᠤ᠌ ᠪᠠᠨ ᠳᠠᠭᠠᠳᠬᠠᠵᠤ ᠶᠠᠪᠤ
ᠤᠬᠠᠭᠠᠨ ᠲᠠᠮᠢᠷ ᠢ᠋ ᠡᠷᠴᠢᠯᠡᠭᠰᠡᠨ
ᠣᠯᠠᠨ ᠲᠦᠮᠡᠨ ᠳ᠋ᠦ᠍ ᠪᠡᠨ ᠬᠦᠷᠢᠶᠡᠯᠡᠯ ᠲᠡᠢ ᠶᠠᠪᠤ

ᠵᠠ ᠠᠲᠠᠷ ᠤ᠋ᠨ ᠬᠥᠷᠥᠰᠥ ᠤᠷᠭᠤᠮᠠᠯ ᠳᠦᠭᠦᠷᠡᠩ
ᠠᠳᠤᠭᠤ ᠮᠠᠯ ᠲᠠᠷᠭᠤ ᠳᠦᠭᠦᠷᠡᠩ
ᠠᠮᠤ ᠲᠠᠷᠢᠶ᠎ᠠ ᠬᠥᠮᠥᠷᠭᠡ ᠳᠦᠭᠦᠷᠡᠩ
ᠠᠯᠲᠠᠨ ᠨᠠᠮᠤᠷ ᠬᠤᠷᠢᠶᠠᠯᠲᠠ ᠳᠦᠭᠦᠷᠡᠩ

ᠠᠪᠤᠷᠭᠤ ᠱᠠᠩᠰᠢ ᠨᠠᠪᠴᠢᠰ ᠳᠦᠭᠦᠷᠡᠩ
ᠠᠷᠢᠭᠤᠨ ᠰᠦᠰᠦᠭᠲᠡᠨ ᠳ᠋ᠦ᠍ ᠬᠡᠰᠢᠭ ᠳᠦᠭᠦᠷᠡᠩ
ᠠᠢᠷᠠᠭ ᠰᠦ ᠰᠠᠪᠠ ᠳᠦᠭᠦᠷᠡᠩ
ᠠᠯᠠᠭ ᠲᠤᠭᠤᠯ ᠬᠣᠷᠣᠭ᠎ᠠ ᠳᠦᠭᠦᠷᠡᠩ

ᠬᠥᠬᠡ ᠲᠩᠷᠢ ᠣᠳᠣᠳ ᠢ᠋ᠶ᠋ᠠᠷ ᠳᠦᠭᠦᠷᠡᠩ
ᠬᠥᠳᠡᠭᠡ ᠠᠮᠢᠳᠤᠷᠠᠯ ᠪᠦᠲᠦᠭᠡᠯ ᠳᠦᠭᠦᠷᠡᠩ
ᠬᠥᠮᠦᠨ ᠠᠷᠠᠳ ᠨᠢ ᠪᠠᠶᠠᠷ ᠳᠦᠭᠦᠷᠡᠩ
ᠬᠥᠭᠵᠢᠬᠦ ᠢᠷᠡᠭᠡᠳᠦᠢ ᠳ᠋ᠦ᠍ ᠪᠡᠨ ᠢᠲᠡᠭᠡᠯ ᠳᠦᠭᠦᠷᠡᠩ ᠪᠣᠯᠲᠤᠭᠠᠢ!
            2023.12.20
   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠣᠳᠬᠠᠨᠰᠣ᠎ᠠ ᠰᠡᠬᠡᠭᠡᠷᠡᠯ