ᠮᠣᠩᠭᠣᠯ ᠪᠦᠰᠡᠭᠦᠢᠴᠦᠳ ᠲᠤ ᠪᠡᠨ ᠪᠢᠴᠢᠭᠰᠡᠨ ᠰᠢᠯᠦᠭ-ᠵᠠᠯᠠᠢᠷᠳᠠᠢ ᠮᠦᠩᠬᠡᠳᠣᠭᠳᠠᠬᠤМонгол бүсгүйчүүддээ бичсэн шүлэг-Залайртай Мөнхтугдахуу
ᠮᠣᠩᠭᠣᠯ ᠪᠦᠰᠡᠭᠦᠢᠴᠦᠳ ᠲᠤ ᠪᠡᠨ ᠪᠢᠴᠢᠭᠰᠡᠨ ᠰᠢᠯᠦᠭ
ᠰᠢᠯᠦᠭ᠄ ᠵᠠᠯᠠᠢᠷᠳᠠᠢ ᠮᠦᠩᠬᠡᠳᠣᠭᠳᠠᠬᠤ
ᠤᠶᠠᠩᠭᠠᠯᠠᠭᠰᠠᠨ ᠨᠢ᠄ ᠪᠣᠯᠣᠷᠴᠡᠴᠡᠭ
ᠥᠭᠡᠯᠦᠨ ᠡᠬᠡ ᠶ᠋ᠢᠨ ᠤᠳᠤᠮ ᠵᠠᠯᠭᠠᠭᠰᠠᠨ
ᠥᠨᠢᠷ ᠮᠣᠩᠭᠣᠯ ᠤ᠋ᠨ ᠰᠣᠳᠣᠨ ᠥᠬᠢᠳ
ᠡᠷᠦᠬᠡ ᠰᠡᠬᠦᠵᠦ᠂ ᠭᠣᠯᠣᠮᠲᠠ ᠪᠠᠳᠠᠷᠠᠭᠠᠭᠰᠠᠨ
ᠥᠯᠵᠡᠢᠲᠦ ᠠᠢᠯ ᠤ᠋ᠨ ᠰᠠᠢᠬᠠᠨ ᠪᠦᠰᠡᠭᠦᠢᠴᠦᠳ
ᠲᠠ ᠨᠠᠷ ᠮᠢᠨᠢ ᠰᠠᠢᠨ ᠪᠠᠢᠨ᠎ᠠ ᠤᠤ
ᠲᠠᠨ᠎ᠠ ᠰᠤᠪᠤᠳ ᠰᠢᠭ᠋ ᠭᠢᠯᠠᠯᠵᠠᠩᠬᠠᠨ ᠪᠠᠢᠨ᠎ᠠ ᠤᠤ
ᠲᠠᠯ᠎ᠠ ᠳ᠋ᠤ᠌ ᠪᠠᠨ ᠳᠡᠯᠭᠡᠷᠡᠭᠰᠡᠨ ᠥᠩᠭᠡ ᠶ᠋ᠢᠨ ᠴᠡᠴᠡᠭ ᠰᠢᠭ
ᠲᠡᠷᠯᠢᠭ ᠭᠤᠲᠤᠯ ᠢ᠋ᠶ᠋ᠠᠷ ᠢ᠋ᠶ᠋ᠠᠨ ᠭᠣᠶᠣᠯᠠᠩᠬᠠᠨ ᠪᠠᠢᠨ᠎ᠠ ᠤᠤ
ᠳᠣᠷᠣᠨ᠎ᠠ ᠵᠦᠭ ᠦ᠋ᠨ ᠦᠷ ᠲᠡᠢ ᠤᠷᠤᠯᠳᠤᠵᠤ
ᠲᠣᠭᠣᠭ᠎ᠠ ᠲᠠᠢ ᠴᠠᠢ ᠪᠠᠨ ᠰᠠᠮᠤᠷᠤᠨ ᠪᠠᠢᠨ᠎ᠠ ᠤᠤ
ᠲᠣᠭᠣᠨᠣᠲᠤ ᠭᠡᠷ ᠲᠤ ᠪᠡᠨ ᠨᠠᠷᠠ ᠨᠢ ᠪᠣᠯᠵᠤ
ᠲᠣᠷᠮᠣᠭᠣᠷ ᠦᠷ᠎ᠡ ᠪᠡᠨ ᠦᠨᠦᠰᠦᠨ ᠪᠠᠢᠨ᠎ᠠ ᠤᠤ
ᠪᠠᠯ ᠲᠠᠢ ᠳᠤᠷᠠᠯᠠᠯ ᠳ᠋ᠤ᠌ ᠪᠠᠨ ᠬᠠᠢᠷ᠎ᠠ ᠪᠠᠷ ᠵᠢᠷᠭᠠᠨ
ᠪᠠᠶᠠᠷ ᠤ᠋ᠨ ᠡᠳᠦᠷ ᠢ᠋ᠶ᠋ᠡᠨ ᠤᠭᠲᠤᠵᠤ ᠪᠠᠢᠨ᠎ᠠ ᠤᠤ
ᠪᠠᠢᠨᠠᠦ᠂ ᠸᠢᠴᠠᠲ᠂ ᠰᠦᠯᠵᠢᠶ᠎ᠡ ᠳᠦᠭᠦᠷᠡᠩ
ᠪᠠᠭᠴᠠ ᠴᠡᠴᠡᠭ ᠳᠡᠯᠭᠡᠷᠡᠩᠬᠡᠨ ᠪᠠᠢᠨ᠎ᠠ ᠤᠤ
ᠭᠠᠯ ᠳ᠋ᠤ᠌ ᠣᠷᠣᠭᠠᠳ ᠴᠢᠯᠠᠭᠤ ᠰᠢᠭ᠋ ᠦᠯᠡᠳᠡᠳᠡᠭ ᠴᠤ᠌
ᠭᠠᠭᠴᠠᠬᠠᠨ ᠬᠠᠷᠠᠴᠠᠨ ᠳ᠋ᠤ᠌ ᠴᠠᠰᠤ ᠰᠢᠭ᠋ ᠤᠶᠠᠷᠠᠳᠠᠭ
ᠡᠷᠡᠴᠦᠦᠯ ᠭᠡᠳᠡᠭ ᠰᠣᠨᠢᠨ ᠠᠮᠢᠲᠠᠨ ᠢ᠋
ᠡᠷᠬᠡᠯᠡᠭᠦᠯᠦᠨ ᠵᠢᠷᠭᠠᠭᠤᠯᠳᠠᠭ ᠳᠠᠭᠢᠨᠢ ᠲᠠ ᠮᠢᠨᠢ
ᠲᠡᠢᠨ ᠳ᠋ᠦ᠍ ᠣᠷᠣᠭᠠᠳ ᠤᠬᠤᠷᠢᠵᠤ ᠦᠵᠡᠭᠡ ᠦᠭᠡᠢ ᠴᠤ᠌
ᠲᠠᠯᠮᠢᠶᠠᠷᠠᠭᠰᠠᠨ ᠬᠠᠷᠠᠴᠠᠨ ᠳ᠋ᠤ᠌ ᠰᠡᠳᠬᠢᠯ ᠢ᠋ᠶ᠋ᠡᠷ ᠤᠨᠠᠳᠠᠭ
ᠬᠠᠷᠠᠴᠤᠤᠯ ᠭᠡᠳᠡᠭ ᠬᠠᠴᠢᠨ ᠠᠮᠢᠲᠠᠨ ᠢ᠋
ᠬᠠᠢᠷᠠᠯᠠᠭᠤᠯᠤᠨ ᠪᠠᠶᠠᠷᠯᠠᠭᠤᠯᠳᠠᠭ ᠪᠦᠰᠡᠭᠦᠢᠴᠦᠳ ᠲᠠ ᠮᠢᠨᠢ
ᠥᠬᠢᠳ ᠦ᠋ᠨ ᠳᠤᠮᠳᠠ ᠵᠢᠰᠦ ᠪᠡᠷ ᠢ᠋ᠶ᠋ᠡᠨ ᠢᠯᠭᠠᠷᠠᠭᠰᠠᠨ
ᠣᠷᠴᠢᠯᠠᠩ ᠳ᠋ᠤ᠌ ᠬᠣᠣᠰ ᠦᠭᠡᠢ ᠨᠡᠷ᠎ᠡ ᠪᠡᠷ ᠢ᠋ᠶ᠋ᠡᠨ ᠢᠯᠭᠠᠷᠠᠭᠰᠠᠨ
ᠤᠬᠠᠭᠠᠨᠲᠤ ᠴᠡᠴᠡᠨ ᠮᠣᠩᠭᠣᠯ ᠪᠦᠰᠡᠭᠦᠢᠴᠦᠳ
ᠤᠳᠤᠮ ᠴᠢᠰᠤ ᠪᠠᠨ ᠵᠠᠯᠭᠠᠵᠤ ᠲᠥᠷᠥᠳᠡᠭ
ᠮᠢᠩᠭᠠᠨ ᠤ᠋ ᠡᠬᠢ ᠭᠡᠵᠦ ᠥᠨᠥᠴᠢᠨ ᠲᠥᠯ ᠢ᠋
ᠮᠢᠩᠭ᠎ᠠ ᠮᠢᠩᠭ᠎ᠠ ᠪᠠᠷ ᠦᠷᠡᠵᠢᠭᠦᠯᠦᠨ ᠥᠰᠬᠡᠵᠦ
ᠮᠠᠢᠭ ᠪᠣᠯᠤᠭᠰᠠᠨ ᠴᠤ᠌ ᠥᠷᠥᠪᠴᠢᠬᠡᠨ ᠰᠡᠳᠬᠢᠯ ᠡᠴᠡ ᠨᠢ
ᠮᠡᠯᠮᠡᠷᠡᠭᠡᠳ ᠤᠷᠤᠰᠳᠠᠭ ᠰᠦ ᠲᠡᠢ ᠪᠤᠷᠬᠠᠳ
ᠴᠣᠭᠣᠷᠬᠠᠢ ᠲᠠᠯ᠎ᠠ ᠪᠠᠨ ᠪᠣᠳᠣᠯ ᠢ᠋ᠶ᠋ᠠᠷ ᠢ᠋ᠶ᠋ᠠᠨ ᠨᠥᠬᠥᠵᠦ
ᠴᠡᠴᠡᠭ ᠦ᠋ᠨ ᠬᠢᠨᠢ ᠣᠷᠣᠨ ᠳ᠋ᠤ᠌ ᠴᠡᠴᠡᠭ ᠪᠣᠯᠵᠤ ᠳᠡᠯᠭᠡᠷᠡᠭᠰᠡᠨ
ᠨᠠᠮᠤᠷ ᠤ᠋ᠨ ᠰᠠᠯᠬᠢᠨ ᠳ᠋ᠤ᠌ ᠰᠢᠪᠠᠭᠤ ᠰᠢᠭ᠋ ᠭᠠᠩᠭᠠᠨᠠᠵᠤ
ᠨᠠᠪᠴᠢᠨ ᠤ᠋ ᠬᠢᠨᠢ ᠣᠷᠣᠨ ᠳ᠋ᠤ᠌ ᠨᠠᠪᠴᠢ ᠪᠣᠯᠵᠤ ᠵᠤᠯᠭᠠᠷᠠᠭᠰᠠᠨ
ᠬᠥᠳᠡᠭᠡ ᠨᠤᠲᠤᠭ ᠤ᠋ᠨ ᠮᠣᠩᠭᠣᠯ ᠪᠦᠰᠡᠭᠦᠢᠴᠦᠳ
ᠬᠥᠬᠡ ᠮᠣᠩᠭᠣᠯ ᠤ᠋ᠨ ᠮᠠᠯᠴᠢᠨ ᠰᠠᠢᠴᠤᠤᠯ ᠤ᠋ᠳ
ᠦᠷ᠎ᠡ ᠶ᠋ᠢᠨ ᠢ᠋ᠶ᠋ᠡᠨ ᠳᠡᠷᠭᠡᠳᠡ ᠪᠦᠪᠡᠢ ᠠᠶᠠᠯᠤᠭᠰᠠᠨ
ᠦᠵᠡᠰᠬᠦᠯᠡᠩᠲᠦ ᠭᠤᠸ᠎ᠠ ᠵᠠᠯᠠᠭᠤᠬᠠᠨ ᠡᠬᠡᠴᠣᠣᠯ
ᠬᠠᠷᠠᠩᠭᠤᠢ ᠰᠥᠨᠢ ᠶ᠋ᠢᠨ ᠭᠡᠷᠡᠯ ᠪᠣᠯᠤᠭᠰᠠᠨ
ᠨᠠᠷᠠᠨ ᠰᠠᠷᠠᠨ ᠣᠳᠣᠨ ᠲᠠ ᠮᠢᠨᠢ
ᠬᠠᠨᠠᠲᠤ ᠭᠡᠷ ᠦ᠋ᠨ ᠴᠢᠮᠡᠭ ᠪᠣᠯᠤᠭᠰᠠᠨ
ᠨᠠᠪᠴᠢ ᠴᠡᠴᠡᠭ ᠵᠢᠮᠢᠰ ᠲᠠ ᠮᠢᠨᠢ
ᠵᠢᠰᠦᠨ ᠦ᠌ ᠰᠠᠢᠬᠠᠨ ᠢ᠋ ᠠᠪᠴᠤ ᠲᠥᠷᠥᠭᠰᠡᠨ
ᠵᠦᠢᠯ ᠵᠦᠢᠯ ᠦ᠋ᠨ ᠭᠤᠸ᠎ᠠ ᠨᠠᠷ
ᠤᠬᠠᠭᠠᠨ ᠤ᠋ ᠤᠷᠠᠨ ᠢ᠋ ᠥᠪᠯᠡᠵᠦ ᠵᠠᠶᠠᠭᠠᠭᠰᠠᠨ
ᠣᠯᠠᠨ ᠰᠠᠢᠬᠠᠨ ᠳᠤᠯᠮ᠎ᠠ ᠨᠠᠷ
ᠲᠣᠯᠲᠣ ᠵᠢᠷᠦᠬᠡᠨ ᠳ᠋ᠦ᠍ ᠳᠤᠸᠠᠯᠠᠨ ᠠᠰᠠᠭᠰᠠᠨ
ᠲᠣᠭᠠᠯᠠᠰᠢ ᠦᠭᠡᠢ ᠵᠤᠯᠠ ᠨᠠᠷ
ᠳᠠᠭᠤᠤ ᠰᠢᠯᠦᠭ ᠦ᠋ᠨ ᠣᠨᠳᠣᠷᠣᠯ ᠪᠣᠯᠤᠭᠰᠠᠨ
ᠳᠤᠷᠠᠯᠠᠯ ᠬᠠᠢᠷ᠎ᠠ ᠶ᠋ᠢᠨ ᠳᠠᠭᠢᠨᠢ ᠨᠠᠷ ᠁
ᠪᠠᠶᠠᠷ ᠤ᠋ᠨ ᠡᠳᠦᠷ ᠦ᠋ᠨ ᠪᠡᠯᠡᠭ ᠪᠣᠯᠭᠠᠵᠤ
ᠪᠠᠳᠠᠭ ᠰᠢᠯᠦᠭ ᠢ᠋ᠶ᠋ᠡᠨ ᠡᠷᠭᠦᠨ ᠪᠠᠷᠢᠶ᠎ᠠ
ᠪᠠᠶᠠᠰᠬᠤᠯᠠᠩᠲᠤ ᠪᠠᠳᠠᠷᠠᠩᠭᠤᠢ ᠮᠣᠩᠭᠣᠯ ᠪᠦᠰᠡᠭᠦᠢᠴᠦᠳ
ᠪᠦᠭᠦᠳᠡᠭᠡᠷ ᠰᠠᠢᠬᠠᠨ ᠵᠢᠷᠭᠠᠬᠤ ᠪᠣᠯᠲᠤᠭᠠᠢ᠂ ᠪᠠᠶᠠᠷᠯᠠᠬᠤ ᠪᠣᠯᠲᠤᠭᠠᠢ
ᠢᠷᠡᠯᠲᠡ᠄ ᠤᠯᠠᠭᠠᠨᠬᠠᠳᠠ ᠶ᠋ᠢᠨ ᠮᠣᠩᠭᠣᠯ ᠶᠡᠷᠦᠩᠬᠡᠢᠯᠡᠭᠰᠡᠨ ᠷᠠᠳᠢᠣ᠋
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
ᠬᠢᠨᠠᠯᠲᠠ᠄ ᠮᠥᠴᠢᠷ
