ᠮᠣᠩᠭᠣᠯ ᠨᠠᠭᠠᠳᠤᠮМонгол наадам ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠨᠠᠭᠠᠳᠤᠮМонгол наадам

ᠮᠣᠩᠭᠣᠯ ᠨᠠᠭᠠᠳᠤᠮМонгол наадам

ᠮᠣᠩᠭᠣᠯ ᠨᠠᠭᠠᠳᠤᠮ

    ᠵᠧ !ᠮᠣᠩᠭᠣᠯ ᠪᠥᠬᠡ ᠶ᠋ᠢᠨ ᠴᠣᠯᠠ ᠶ᠋ᠢ ᠲᠠᠢᠯᠪᠤᠷᠢᠯᠠᠵᠤ ᠥᠭᠭᠦᠶ᠎ᠡ᠂ ᠤᠯᠤᠰ ᠤ᠋ᠨ ᠨᠠᠭᠠᠳᠤᠮ ᠳ᠋ᠤ᠌:ᠲᠠᠪᠤ ᠳᠠᠪᠠᠪᠠᠯ ᠤᠯᠤᠰ ᠤ᠋ᠨ ᠨᠠᠴᠢᠨ᠂ ᠵᠢᠷᠭᠤᠭ᠎ᠠ ᠳᠠᠪᠠᠪᠠᠯ ᠤᠯᠤᠰ ᠤ᠋ᠨ ᠬᠠᠷᠴᠠᠭᠠᠢ᠂ ᠳᠣᠯᠣᠭ᠎ᠠ ᠳᠠᠪᠠᠪᠠᠯ᠂ ᠤᠯᠤᠰ ᠤ᠋ᠨ ᠵᠠᠭᠠᠨ᠂  ᠨᠠᠢ᠍ᠮᠠ ᠳᠠᠪᠠᠪᠠᠯ ᠤᠯᠤᠰ ᠤ᠋ᠨ ᠭᠠᠷᠣᠳᠠᠢ᠂ ᠶᠢᠰᠦ ᠳᠠᠪᠠᠪᠠᠯ ᠤᠯᠤᠰ ᠤ᠋ᠨ ᠠᠷᠰᠯᠠᠨ ᠤᠯᠤᠰ ᠤ᠋ᠨ ᠠᠷᠰᠯᠠᠨ ᠲᠡᠷᠢᠭᠦᠯᠡᠪᠡᠯ ᠤᠯᠤᠰ ᠤ᠋ᠨ ᠠᠪᠤᠷᠭᠤ ᠤᠯᠤᠰ ᠤ᠋ᠨ ᠠᠪᠤᠷᠭᠤ ᠲᠡᠷᠢᠭᠦᠯᠡᠪᠡᠯ ᠳᠠᠯᠠᠢ ᠠᠪᠤᠷᠭᠤ ᠂ ᠳᠠᠯᠠᠢ ᠠᠪᠤᠷᠭᠤ ᠲᠡᠷᠢᠭᠦᠯᠡᠪᠡᠯ ᠳᠠᠶᠠᠩ ᠠᠪᠤᠷᠭᠤ᠂ ᠳᠠᠶᠠᠩ ᠠᠪᠤᠷᠭᠤ ᠲᠡᠷᠢᠭᠦᠯᠡᠪᠡᠯ ᠳᠠᠷᠬᠠᠨ ᠠᠪᠤᠷᠭᠤ ᠪᠣᠯᠳᠠᠭ ᠪᠥᠯᠥᠭᠡ᠂ ᠶᠠᠭ ᠢᠩᠭᠢᠭᠡᠳ ᠯᠡ ᠮᠣᠩᠭᠣᠯ ᠨᠠᠭᠠᠳᠤᠮ ᠢ᠋ ᠲᠠᠢᠯᠪᠤᠷᠢᠯᠠᠮᠠᠷ ᠪᠠᠢᠭᠰᠠᠨ ᠶᠤᠮ᠂  ᠵᠧ! ᠲᠦᠷᠦᠭᠦᠦ ᠮᠣᠷᠢᠳ ᠤ᠋ᠨ ᠴᠣᠯᠠ ᠶ᠋ᠢ ᠲᠠᠢᠯᠪᠤᠷᠢᠯᠠᠵᠤ ᠥᠭᠭᠦᠶ᠎ᠡ᠂ ᠨᠢᠭᠡ ᠲᠡᠷᠢᠭᠦᠯᠡᠭᠰᠡᠨ ᠮᠣᠷᠢ ᠶ᠋ᠢ ᠪᠠᠶᠠᠷ ᠤ᠋ᠨ ᠮᠠᠩᠨᠠᠢ᠂ ᠠᠮᠠᠨ ᠬᠦᠵᠦᠭᠦᠦ ᠶ᠋ᠢ ᠵᠢᠷᠭᠠᠯᠠᠩᠲᠤ ᠬᠦᠯᠦᠭ᠂ ᠭᠤᠷᠪᠠ ᠳ᠋ᠤ᠌ ᠣᠷᠣᠪᠠᠯ ᠨᠠᠷᠠᠨ ᠮᠠᠨᠳᠠᠯ᠂ ᠳᠥᠷᠪᠡ ᠳ᠋ᠦ᠍ ᠣᠷᠣᠬᠤ ᠶᠤᠮ ᠪᠣᠯ ᠨᠠᠴᠢᠨ ᠱᠣᠩᠬᠣᠷ᠂ ᠲᠠᠪᠤ ᠳ᠋ᠤ᠌ ᠣᠷᠣᠪᠠᠯ ᠢᠳᠡᠷ ᠵᠠᠭᠠᠨ ᠭᠡᠵᠦ ᠨᠡᠷᠡᠯᠡᠳᠡᠭ᠂ ᠠᠵᠠᠷᠭ᠎ᠠ ᠪᠣᠯᠤᠨ ᠶᠡᠬᠡ ᠨᠠᠰᠤᠨ ᠤ᠋ ᠠᠳᠤᠭᠤ ᠲᠡᠷᠢᠭᠦᠯᠡᠬᠦ ᠶᠦ᠍ᠮ ᠪᠣᠯ᠂ ᠨᠢᠭᠡ ᠲᠡᠷᠢᠭᠦᠯᠡᠪᠡᠯ ᠲᠦᠮᠡᠨ ᠡᠬᠡ᠂ ᠬᠣᠶᠠᠷ ᠲᠡᠷᠢᠭᠦᠯᠡᠪᠡᠯ ᠮᠠᠩᠯᠠᠢ ᠡᠬᠡ᠂ ᠭᠤᠷᠪᠠ ᠠ᠋ᠴᠠ ᠳᠡᠭᠡᠭᠰᠢ ᠲᠡᠷᠢᠭᠦᠯᠡᠪᠡᠯ ᠠᠵᠢᠨᠠᠢ ᠬᠦᠯᠦᠭ ᠭᠡᠵᠦ ᠨᠡᠷᠡᠯᠡᠨ᠎ᠡ᠂  ᠵᠠ !ᠰᠣᠶᠣᠭᠠᠯᠠᠩ ᠬᠢᠵᠠᠭᠠᠯᠠᠩ ᠰᠢᠳᠦᠯᠡᠩ ᠨᠠᠰᠤᠨ ᠤ᠋ ᠠᠳᠤᠭᠤ ᠲᠡᠷᠢᠭᠦᠯᠡᠬᠦ ᠶᠦ᠍ᠮ ᠪᠣᠯ᠂ ᠨᠢᠭᠡ ᠲᠡᠷᠢᠭᠦᠯᠡᠪᠡᠯ ᠢᠳᠡᠷ ᠵᠢᠭᠦᠷ᠂ ᠬᠣᠶᠠᠷ ᠲᠡᠷᠢᠭᠦᠯᠡᠪᠡᠯ ᠠᠷᠠᠨᠵᠠᠯ ᠬᠦᠯᠦᠭ᠂ ᠭᠤᠷᠪᠠ ᠠ᠋ᠴᠠ ᠳᠡᠭᠡᠭᠰᠢ ᠲᠡᠷᠢᠭᠦᠯᠡᠪᠡᠯ ᠠᠷᠭᠤᠮᠠᠭ ᠬᠦᠯᠦᠭ ᠭᠡᠵᠦ ᠨᠡᠷᠡᠯᠡᠨ᠎ᠡ᠂ ᠦ ᠪᠠᠰᠠ ᠬᠥᠭᠡᠷᠦᠬᠦᠨ ᠳᠠᠭ᠎ᠠ ᠲᠡᠷᠢᠭᠦᠯᠡᠪᠡᠯ ᠰᠦᠮᠪᠦ ᠱᠠᠭᠠᠢ ᠭᠡᠵᠦ ᠨᠡᠷᠡᠯᠡᠳᠡᠭ ᠰᠢᠦ᠂ ᠮᠣᠩᠭᠣᠯ ᠰᠤᠷ ᠤ᠋ᠨ ᠴᠣᠯᠠ ᠶ᠋ᠢ ᠲᠠᠢᠯᠪᠤᠷᠢᠯᠠᠵᠤ ᠥᠭᠭᠦᠶ᠎ᠡ᠂ ᠭᠤᠷᠪᠠᠳᠤᠭᠠᠷ ᠪᠠᠢᠷᠢᠨ ᠳ᠋ᠤ᠌ ᠭᠣᠴᠣ ᠬᠠᠷᠪᠤᠭᠠᠴᠢ᠂  ᠬᠣᠶᠠᠳᠤᠭᠠᠷ ᠪᠠᠢᠷᠢᠨ ᠳ᠋ᠤ᠌ ᠭᠠᠷᠮᠠᠭᠠᠢ ᠬᠠᠷᠪᠤᠭᠠᠴᠢ᠂ ᠨᠢᠭᠡ ᠲᠡᠷᠢᠭᠦᠯᠡᠪᠡᠯ ᠤᠯᠤᠰ ᠤ᠋ᠨ ᠮᠡᠷᠭᠡᠨ᠂ ᠬᠣᠶᠠᠷ ᠲᠡᠷᠢᠭᠦᠯᠡᠪᠡᠯ ᠳᠠᠶᠠᠩ ᠮᠡᠷᠭᠡᠨ᠂ ᠭᠤᠷᠪᠠ ᠳ᠋ᠤ᠌ ᠲᠡᠷᠢᠭᠦᠯᠡᠪᠡᠯ ᠳᠠᠶᠠᠭᠠᠷ ᠳᠠᠭᠤᠷᠢᠰᠬᠤ ᠮᠡᠷᠭᠡᠨ᠂ ᠳᠥᠷᠪᠡ ᠲᠡᠷᠢᠭᠦᠯᠡᠪᠡᠯ ᠳᠠᠷᠬᠠᠨ ᠮᠡᠷᠭᠡᠨ ᠭᠡᠳᠡᠭ ᠴᠣᠯᠠ ᠥᠭᠳᠡᠭ ᠪᠢᠯᠡ᠂ ᠵᠠ! ᠬᠡᠦᠬᠡᠳ ᠦ᠋ᠳ ᠠ᠋! ᠮᠣᠩᠭᠣᠯ ᠨᠠᠭᠠᠳᠤᠮ ᠭᠡᠳᠡᠭ ᠪᠢᠳᠡᠨ ᠦ᠌ ᠦᠷᠭᠦᠯᠵᠢ ᠮᠡᠳᠡᠬᠦ ᠶᠣᠰᠣᠲᠠᠢ ᠥᠪ ᠰᠣᠶᠣᠯ ᠶᠤᠮ ᠰᠢᠦ᠃